ᠮᠠᠨ ᠤ ᠣᠷᠣᠨ ᠬᠠᠲᠤᠨ ᠭᠤᠣᠯ ᠤᠨ ᠲᠠᠩ ᠭᠠᠵᠠᠷ ᠤᠨ ᠰᠠᠭᠤᠭᠠᠯᠢ ᠠᠷᠠᠳ ᠢ ᠨᠡᠭᠦᠯᠭᠡᠨ ᠲᠥᠪᠬᠢᠨᠡᠭᠦᠯᠬᠦ ᠠᠵᠢᠯ ᠤᠨ ᠬᠠᠷᠠᠯᠲᠠ ᠡᠭᠦᠷᠭᠡ ᠪᠠᠨ ᠤᠷᠢᠳᠴᠢᠯᠠᠨ ᠪᠡᠶᠡᠯᠡᠭᠦᠯᠪᠡ
ᠨᠡᠶᠢᠲᠡᠯᠡᠭᠰᠡᠨ ᠴᠠᠭ᠄
2023/10/17
     ᠥᠪᠡᠷᠲᠡᠭᠡᠨ ᠵᠠᠰᠠᠬᠤ ᠣᠷᠣᠨ ᠤ ᠤᠰᠤᠨ ᠠᠰᠢᠭᠯᠠᠯᠲᠠ ᠶᠢᠨ ᠲᠢᠩᠬᠢᠮ ᠠᠴᠠ ᠣᠶᠢᠯᠠᠭᠠᠭᠰᠠᠨ ᠢᠶᠠᠷ᠂ ᠮᠠᠨ ᠤ ᠣᠷᠣᠨ 10 ᠰᠠᠷ᠎ᠠ ᠶᠢᠨ 9 ᠤ ᠡᠳᠦᠷ ᠪᠤᠯᠳᠠᠯ᠎ᠠ 2023 ᠣᠨ ᠤ ᠬᠠᠲᠤᠨ ᠭᠤᠣᠯ ᠤᠨ ᠲᠠᠩ ᠭᠠᠵᠠᠷ ᠤᠨ ᠰᠠᠭᠤᠭᠠᠯᠢ ᠠᠷᠠᠳ ᠢ ᠨᠡᠭᠦᠯᠭᠡᠨ ᠲᠥᠪᠬᠢᠨᠡᠭᠦᠯᠬᠦ ᠠᠵᠢᠯ ᠢᠶᠠᠨ ᠪᠦᠭᠦᠨ ᠢ ᠳᠠᠭᠤᠰᠬᠠᠵᠤ᠂ ᠭᠦᠭᠡᠬᠤᠲᠠ᠂ ᠣᠷᠳᠣᠰ ᠬᠤᠲᠠ᠂ ᠪᠠᠶᠠᠨᠨᠠᠭᠤᠷ ᠬᠤᠲᠠ ᠶᠢᠨ ᠬᠠᠷᠢᠶᠠᠨ ᠳᠠᠬᠢ 4 ᠬᠤᠰᠢᠭᠤ ᠰᠢᠶᠠᠨ ᠲᠣᠭᠤᠷᠢᠭ᠂ 13 ᠭᠠᠴᠠᠭ᠎ᠠ ᠲᠣᠰᠬᠤᠨ  ᠤ ᠨᠡᠶᠢᠲᠡ 770 ᠡᠷᠦᠭᠡ᠂ 1853 ᠬᠥᠮᠥᠨ ᠳᠤ ᠬᠤᠯᠪᠣᠭᠳᠠᠪᠠ᠃ ᠡᠨᠡ ᠨᠢ ᠮᠠᠨ ᠤ ᠣᠷᠣᠨ ᠤ ᠲᠣᠭᠲᠠᠭᠠᠭᠰᠠᠨ ︽ᠠᠷᠪᠠᠨ ᠳᠥᠷᠪᠡᠳᠦᠭᠡᠷ ᠲᠠᠪᠤᠨ ᠵᠢᠯ︾ ᠤᠨ ᠬᠤᠭᠤᠴᠠᠭᠠᠨ ᠳᠤ ᠬᠠᠲᠤᠨ ᠭᠤᠣᠯ ᠤᠨ ᠲᠠᠩ ᠭᠠᠵᠠᠷ ᠤᠨ ᠰᠠᠭᠤᠭᠠᠯᠢ ᠠᠷᠠᠳ ᠢ ᠨᠡᠭᠦᠯᠭᠡᠨ ᠲᠥᠪᠬᠢᠨᠡᠭᠦᠯᠬᠦ ᠡᠭᠦᠷᠭᠡ ᠶᠢ ᠪᠦᠭᠦᠨ ᠢ ᠤᠷᠢᠳᠴᠢᠯᠠᠨ ᠪᠡᠶᠡᠯᠡᠭᠦᠯᠦᠭᠰᠡᠨ ᠢ ᠬᠠᠷᠠᠭᠤᠯᠵᠤ ᠪᠠᠶᠢᠨ᠎ᠠ᠃      ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠠᠴᠠ ᠮᠠᠨ ᠤ ᠣᠷᠣᠨ ᠤ ᠬᠠᠲᠤᠨ ᠭᠤᠣᠯ ᠤᠨ ᠲᠠᠩ ᠭᠠᠵᠠᠷ ᠤᠨ ᠰᠠᠭᠤᠭᠠᠯᠢ ᠠᠷᠠᠳ ᠢ ᠨᠡᠭᠦᠯᠭᠡᠨ ᠲᠥᠪᠬᠢᠨᠡᠭᠦᠯᠬᠦ ᠠᠵᠢᠯ ᠢ ᠳᠡᠭᠡᠳᠦ ᠬᠡᠮᠵᠢᠶ᠎ᠡ  ᠪᠠᠷ ᠴᠢᠬᠤᠯᠠᠴᠢᠯᠠᠵᠤ᠂ ᠠᠵᠢᠯ ᠤᠨ ᠠᠬᠢᠴᠠ ᠶᠢ ᠲᠦᠷᠭᠡᠳᠬᠡᠬᠦ ᠶᠢ ᠲᠣᠳᠣᠷᠬᠠᠢ ᠱᠠᠭᠠᠷᠳᠠᠭᠰᠠᠨ ᠪᠥᠭᠡᠳ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠣᠨ ᠤ ᠨᠥᠬᠦᠪᠦᠷᠢ ᠶᠢᠨ ᠪᠡᠯᠡ ᠮᠥᠩᠭᠦ ᠶᠢ ᠤᠷᠢᠳᠴᠢᠯᠠᠨ ᠪᠠᠭᠤᠯᠭᠠᠵᠤ ᠬᠠᠮᠢᠶ᠎ᠠ ᠪᠦᠬᠦᠢ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠳᠤ ᠲᠤᠰᠬᠠᠢ ᠬᠡᠷᠡᠭᠯᠡᠭᠦᠯᠬᠦ ᠪᠠᠷ ᠲᠣᠭᠲᠠᠪᠠ᠃ ᠥᠪᠡᠷᠲᠡᠭᠡᠨ ᠵᠠᠰᠠᠬᠤ ᠣᠷᠣᠨ ᠤ ᠤᠰᠤᠨ ᠠᠰᠢᠭᠯᠠᠯᠲᠠ ᠶᠢᠨ ᠲᠢᠩᠬᠢᠮ ᠲᠤᠬᠠᠢ ᠶᠢᠨ ᠭᠠᠵᠠᠷ ᠲᠤᠨᠢ ᠰᠢᠪᠠᠳᠠᠭᠤᠯᠤᠨ ᠵᠢᠯᠤᠭᠤᠳᠬᠤ ᠡᠷᠴᠢᠮ ᠢᠶᠠᠨ ᠦᠨᠡᠨ ᠬᠦ ᠴᠢᠩᠭᠠᠷᠠᠭᠤᠯᠵᠤ᠂ ᠡᠯ᠎ᠡ ᠬᠤᠯᠪᠣᠭᠳᠠᠯ ᠪᠦᠬᠦᠢ ᠠᠶᠢᠮᠠᠭ ᠬᠤᠲᠠ᠂ ᠬᠤᠰᠢᠭᠤ ᠰᠢᠶᠠᠨ ᠲᠣᠭᠤᠷᠢᠭ ᠨᠢ ᠭᠤᠣᠯ ᠴᠣᠭᠴᠠ ᠶᠢᠨ ᠬᠠᠷᠢᠭᠤᠴᠠᠯᠭ᠎ᠠ ᠪᠠᠨ ᠴᠢᠩᠭ᠎ᠠ ᠭᠦᠢᠴᠡᠳᠬᠡᠵᠦ᠂ ᠨᠡᠭᠦᠯᠭᠡᠨ ᠲᠥᠪᠬᠢᠨᠡᠭᠦᠯᠬᠦ ᠠᠵᠢᠯ ᠤᠨ ᠡᠮᠬᠢ ᠵᠢᠷᠤᠮ ᠲᠠᠢ  ᠶᠠᠪᠤᠭᠳᠠᠬᠤ ᠶᠢ ᠪᠠᠲᠤᠯᠠᠭᠰᠠᠨ ᠪᠠᠶᠢᠨ᠎ᠠ᠃ ᠥᠪᠡᠷᠲᠡᠭᠡᠨ ᠵᠠᠰᠠᠬᠤ ᠣᠷᠣᠨ ᠤ ᠤᠰᠤᠨ ᠠᠰᠢᠭᠯᠠᠯᠲᠠ ᠶᠢᠨ ᠲᠢᠩᠬᠢᠮ ᠲᠠᠷᠠᠭᠠᠴᠢ ᠪᠠᠷ ᠮᠠᠨ ᠤ ᠣᠷᠣᠨ ᠤ ᠬᠠᠲᠤᠨ ᠭᠤᠣᠯ ᠳᠠᠭᠠᠤ ᠶᠢᠨ ᠬᠠᠮᠢᠶ᠎ᠠ ᠪᠦᠬᠦᠢ ᠭᠠᠵᠠᠷ ᠣᠷᠣᠨ ᠲᠠᠢ ᠬᠠᠮᠲᠤᠷᠠᠨ ᠲᠤᠷᠰᠢᠯᠭ᠎ᠠ ᠪᠠᠨ ᠳ᠋ᠦᠩᠨᠡᠬᠦ᠂ ᠦᠷ᠎ᠡ ᠪᠦᠲᠦᠮᠵᠢ ᠪᠠᠨ ᠪᠠᠬᠢᠵᠢᠭᠦᠯᠬᠦ ᠵᠡᠷᠭᠡ ᠠᠵᠢᠯ ᠢ ᠯᠠᠪᠳᠠᠭᠤᠨ ᠪᠠᠲᠤᠲᠠᠢ ᠰᠠᠶᠢᠲᠤᠷ ᠠᠳᠬᠤᠬᠤ ᠪᠣᠯᠣᠨ᠎ᠠ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号