ᠡᠪᠦᠯ ᠤᠨ ᠠᠭᠤᠷ ᠤᠨ ᠣᠯᠠᠮᠵᠢᠯᠠᠯᠲᠤ ᠵᠠᠩᠰᠢᠯ
ᠨᠡᠶᠢᠲᠡᠯᠡᠭᠰᠡᠨ ᠴᠠᠭ᠄
2023/11/9
     ᠪᠠᠩᠰᠢ ᠢᠳᠡᠬᠦ      ᠮᠠᠨ ᠤ ᠤᠯᠤᠰ ᠤᠨ ᠤᠮᠠᠷᠠᠲᠤ ᠣᠷᠣᠨ ᠳᠤ ᠡᠪᠦᠯ ᠤᠨ ᠠᠭᠤᠷ ᠣᠷᠣᠬᠤ ᠡᠳᠦᠷ ᠪᠠᠩᠰᠢ ᠢᠳᠡᠳᠡᠭ ᠵᠠᠩᠰᠢᠯ  ᠲᠠᠢ᠃ ᠡᠨᠡ ᠨᠢ ᠬᠤᠭᠤᠯᠠ ᠤᠮᠳᠠ ᠪᠠᠨ ᠰᠠᠶᠢᠵᠢᠷᠠᠭᠤᠯᠵᠤ᠂ ᠠᠮᠲᠠᠲᠠᠨ ᠢ ᠢᠳᠡᠨ ᠳᠠᠩᠰᠦᠭ᠌ᠯᠡᠵᠦ ᠪᠠᠶᠢᠬᠤ ᠰᠠᠨᠠᠭ᠎ᠠ  ᠲᠠᠢ ᠪᠥᠭᠡᠳ ᠴᠢᠬᠢ ᠬᠡᠯᠪᠡᠷᠢᠲᠡᠢ ᠪᠠᠩᠰᠢ ᠢᠳᠡᠭᠰᠡᠨ ᠢᠶᠠᠷ ᠡᠪᠦᠯ ᠤᠨ ᠴᠠᠭ ᠴᠢᠬᠢ ᠬᠥᠯᠳᠡᠬᠦ ᠦᠭᠡᠢ ᠪᠣᠯᠳᠠᠭ ᠬᠡᠯᠴᠡᠳᠡᠭ ᠠᠵᠢ᠃      ᠢᠯᠠᠮ᠎ᠠ ᠶᠢᠨ ᠨᠡᠪᠴᠢ ᠳᠡᠭᠦᠬᠦ      ᠢᠯᠠᠮ᠎ᠠ ᠶᠢᠨ ᠨᠡᠪᠴᠢ ᠨᠢ ᠭᠠᠰᠢᠭᠤᠨ᠂ ᠴᠢᠨᠠᠷ ᠠᠮᠲᠠᠯᠢᠭ ᠬᠦᠢᠲᠡᠨ ᠪᠠᠶᠢᠵᠤ᠂ ᠬᠠᠯᠠᠭᠤᠨ ᠢ ᠬᠥᠭᠡᠭᠡᠵᠦ ᠴᠢᠰᠤ ᠶᠢ ᠰᠡᠷᠢᠭᠦᠳᠬᠡᠨ᠂ ᠨᠢᠳᠦ ᠶᠢ ᠰᠠᠷᠠᠭᠤᠯᠵᠢᠭᠤᠯᠬᠤ ᠦᠢᠯᠡᠳᠦᠯ ᠲᠠᠢ᠃ ᠭᠡᠬᠦ ᠳᠡᠭᠡᠨ ᠬᠢᠷᠠᠭᠤ ᠳᠤ ᠴᠣᠬᠢᠭᠳᠠᠭᠰᠠᠨ ᠬᠥᠭᠰᠢᠨ ᠨᠡᠪᠴᠢ ᠨᠢ ᠨᠡᠩ ᠰᠠᠶᠢᠨ ᠪᠠᠶᠢᠳᠠᠭ᠃ ᠡᠶᠢᠮᠦ ᠠᠴᠠ ᠡᠪᠦᠯ ᠤᠨ ᠠᠭᠤᠷ ᠣᠷᠣᠭᠰᠠᠨ ᠡᠳᠦᠷ 120 ᠰᠢᠷᠬᠡᠭ ᠢᠯᠠᠮ᠎ᠠ ᠶᠢᠨ ᠨᠡᠪᠴᠢ ᠲᠡᠭᠦᠵᠦ᠂ ᠥᠨᠳᠥᠷ ᠵᠢᠯ ᠲᠣᠬᠢᠶᠠᠯᠳᠤᠪᠠᠯ ᠢᠯᠡᠭᠦᠦ 10 ᠨᠡᠪᠴᠢ ᠲᠡᠭᠦᠵᠦ᠂ ᠨᠢᠳᠦ ᠪᠠᠨ ᠤᠬᠢᠶᠠᠬᠤ ᠡᠳᠦᠷ 10 ᠨᠡᠪᠴᠢ ᠶᠢ ᠪᠤᠴᠠᠯᠭᠠᠨ ᠬᠠᠨᠳᠠ ᠪᠠᠷ ᠨᠢ ᠨᠢᠳᠦ ᠪᠠᠨ ᠤᠬᠢᠶᠠᠳᠠᠭ᠃ ᠡᠨᠡ ᠨᠢ ᠴᠡᠩᠬᠡᠷ ᠬᠠᠷᠠᠩ᠂ ᠨᠢᠯᠪᠤᠰᠤ ᠭᠤᠭᠤᠵᠢᠬᠤ ᠨᠢᠳᠦ ᠤᠯᠠᠶᠢᠬᠤ ᠵᠡᠷᠭᠡ ᠣᠯᠠᠨ ᠵᠦᠢᠯ ᠤᠨ ᠨᠢᠳᠦᠨ ᠤ ᠡᠪᠡᠳᠴᠢᠨ ᠳᠤ ᠲᠤᠰᠠᠲᠠᠢ ᠭᠡᠵᠦ ᠦᠵᠡᠳᠡᠭ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号