ᠲᠥᠯᠥᠪᠦᠷᠢ ᠥᠬᠡᠶ ᠪᠠᠷ ᠪᠠᠭᠤᠯᠭᠠᠳᠠᠭ App ᠮᠠᠰᠢ ᠠᠶᠤᠯ ᠲᠠᠢ ᠰᠢᠦ︕
ᠨᠡᠶᠢᠲᠡᠯᠡᠭᠰᠡᠨ ᠴᠠᠭ᠄
2023/3/20
     ᠣᠳᠣᠬᠠᠨ ᠳᠤ᠂ ᠡᠯ᠎ᠡ ᠵᠦᠢᠯ ᠤᠨ ᠲᠥᠯᠦᠪᠦᠷᠢ ᠦᠭᠡᠢ ᠬᠡᠷᠡᠭᠯᠡᠳᠡᠭ App ᠨᠢ ᠬᠥᠮᠦᠰ ᠤᠨ ᠬᠦᠷᠢᠶᠡᠯᠡᠯ ᠢ ᠶᠡᠬᠡᠳᠡ ᠣᠯᠵᠤ ᠪᠠᠶᠢᠨ᠎ᠠ᠃ ᠴᠥᠭᠡᠨ ᠪᠤᠰᠤ ᠬᠡᠷᠡᠭᠯᠡᠭᠴᠢᠳ ᠬᠢᠮᠳᠠ ᠦᠨ᠎ᠡ ᠶᠢ ᠬᠥᠭᠡᠭᠡᠴᠡᠯᠳᠦᠨ᠂ ᠡᠳᠡᠭᠡᠷ ᠠᠰᠠᠭᠤᠳᠠᠯ ᠲᠠᠢ App ᠶᠢ ᠦᠨ᠎ᠡ ᠲᠥᠯᠥᠪᠦᠷᠢ ᠦᠭᠡᠶ ᠪᠠᠷ ᠬᠡᠷᠡᠭᠯᠡᠵᠦ᠂ ᠭᠠᠷ ᠤᠲᠠᠰᠤᠨ ᠳᠠᠭᠠᠨ ︽ᠮᠤᠨᠢᠲ᠋ᠤᠷ︾ ︵ᠬᠢᠨᠠᠨ ᠡᠵᠡᠮᠰᠢᠭᠴᠢ︶  ᠤᠭᠰᠠᠷᠠᠵᠤ ︽ᠮᠢᠨ᠎ᠠ︾ ᠪᠤᠯᠠᠵᠤ ᠲᠠᠯᠪᠢᠭᠰᠠᠨ ᠲᠠᠢ ᠠᠳᠠᠯᠢ ᠪᠣᠯᠵᠡᠢ᠃                              3 · 15 ᠮᠡᠳᠡᠭᠡ ᠵᠠᠩᠭᠢ ᠶᠢᠨ ᠠᠮᠤᠷ ᠲᠦᠪᠰᠢᠨ ᠤ ᠲᠤᠷᠰᠢᠯᠲᠠ ᠶᠢᠨ ᠲᠠᠰᠤᠭ ᠤᠨ ᠮᠡᠷᠭᠡᠵᠢᠯᠲᠡᠨ᠂ ᠦᠷᠭᠦᠯᠵᠢ ᠬᠡᠷᠡᠭᠯᠡᠳᠡᠭ ᠠᠷᠪᠠᠨ ᠬᠡᠳᠦᠨ ᠵᠦᠢᠯ ᠤᠨ ᠸᠢᠳᠢᠣ᠋ ᠪᠢᠴᠢᠯᠭᠡ᠂ ᠳᠠᠭᠤᠤ ᠬᠥᠭᠵᠢᠮ᠂ ᠲᠤᠭᠤᠵᠢᠰ ᠵᠡᠷᠭᠡ ᠶᠢ ᠦᠵᠡᠵᠦ ᠰᠤᠨᠤᠰᠬᠤ ᠬᠡᠷᠡᠭᠯᠡᠭᠡᠨ ᠤ ᠵᠥᠭᠡᠯᠡᠨ ᠲᠣᠨᠤᠭ ᠤᠨ ᠲᠠᠶᠢᠯᠤᠭᠰᠠᠨ ᠬᠡᠪᠯᠡᠯ᠂ ᠲᠤᠬᠠᠶᠢᠯᠠᠪᠠᠯ ᠬᠤᠯᠠᠭᠠᠶᠢᠯᠠᠨ ᠬᠡᠪᠯᠡᠭᠰᠡᠨ ᠬᠡᠪᠯᠡᠯ ᠢ ᠴᠠᠭ ᠲᠤᠬᠠᠶ ᠳᠤᠨᠢ ᠬᠢᠨᠠᠨ ᠰᠢᠯᠭᠠᠵᠤ ᠦᠵᠡᠭᠡᠳ ᠪᠠᠭ᠎ᠠ ᠪᠤᠰᠤ ᠠᠰᠠᠭᠤᠳᠠᠯ ᠲᠠᠢ ᠪᠠᠶᠢᠬᠤ ᠶᠢ ᠣᠯᠵᠤ  ᠮᠡᠳᠡᠵᠡᠶ᠃ ᠨᠢᠭᠡ  ᠵᠦᠢᠯ ᠤᠨ ᠸᠢᠳᠢᠣ᠋ App ᠵᠢᠨ‌‍ᠲ᠋ᠦ᠋ᠯᠦᠪᠦᠷᠢ ᠦᠭᠡᠢ ᠬᠡᠷᠡᠭᠯᠡᠳᠡᠭ ᠬᠡᠪᠯᠡᠯ ᠳᠤ᠂ ᠲᠡᠭᠦᠨ ᠤ ᠠᠯᠪᠠᠨ ᠤ ᠲᠠᠯ᠎ᠠ ᠶᠢᠨ  ᠬᠡᠪᠯᠡᠯ ᠲᠠᠢ ᠶᠠᠮᠠᠷ ᠴᠤ ᠬᠤᠯᠪᠣᠭᠳᠠᠯ ᠦᠭᠡᠶ ᠭᠤᠷᠪᠠᠳᠠᠬᠢ ᠡᠲᠡᠭᠡᠳ ᠤᠨ 3 ᠵᠦᠢᠯ ᠤᠨ ᠵᠠᠯᠭᠠᠭᠠᠰᠤ ᠢᠯᠡᠭᠦᠦ ᠰᠠᠭᠤᠯᠭᠠᠭᠰᠠᠨ ᠢ ᠣᠯᠵᠤ ᠮᠡᠳᠡᠵᠡᠶ᠃ ᠡᠨᠡ ᠡᠳ᠋ ᠨᠢ ᠬᠡᠷᠡᠭᠯᠡᠭᠴᠢ ᠶᠢᠨ ᠪᠣᠶ ᠪᠥᠬᠦᠶ ᠵᠠᠩᠭᠢᠯᠠᠭ᠎ᠠ ᠶᠢᠨ ᠢᠯᠭᠠᠨ ᠲᠠᠨᠢᠬᠤ ᠴᠢᠮᠡᠭᠡ ᠵᠠᠩᠭᠢ ᠶᠢ ᠴᠥᠮ ᠨᠢᠭᠡ ᠯᠡ ᠳᠡᠭᠡᠷ᠎ᠡ ᠪᠦᠬᠦᠨ ᠢ ᠬᠤᠯᠠᠭᠠᠶᠢᠯᠠᠨ ᠠᠪᠴᠤ ᠴᠢᠳᠠᠳᠠᠭ ᠪᠥᠭᠡᠳ ᠴᠢᠨᠠᠭᠰᠢᠯᠠᠭᠠᠳ ᠬᠡᠷᠡᠭᠯᠡᠭᠴᠢᠳ ᠲᠤ ᠵᠣᠭᠤᠰ ᠮᠥᠩᠭᠦᠨ ᠤ ᠬᠤᠬᠢᠷᠠᠯ  ᠠᠪᠴᠢᠷᠠᠳᠠᠭ ᠶᠤᠮ᠃      ᠭᠠᠷ ᠤᠲᠠᠰᠤ ᠬᠡᠷᠡᠭᠯᠡᠭᠴᠢᠳ APP ᠤᠭᠰᠠᠷᠠᠬᠤ ᠳᠠᠭᠠᠨ ᠣᠨᠴᠠᠭᠠᠶᠢᠯᠠᠨ ᠪᠣᠯᠭᠤᠮᠵᠢᠯᠠᠭᠠᠷᠠᠢ︕
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号