ᠤᠳᠤᠨ ᠵᠢᠷᠤᠬᠠᠢ ᠠᠴᠠ ᠢᠷᠡᠯ ᠲᠠᠢ ᠮᠢᠩᠭᠠᠨ ᠣᠨ ᠤ ᠵᠠᠩ ᠦᠢᠯᠡ — ᠡᠷᠳᠡᠨ ᠤ ᠵᠠᠩ ᠦᠢᠯᠡ ᠰᠢᠨ᠎ᠡ ᠠᠮᠢᠵᠢᠷᠠᠯ ᠤᠨ ᠬᠦᠴᠦᠨ ᠢᠶᠠᠷ ᠪᠢᠯᠬᠠᠨ᠎ᠠ
ᠨᠡᠶᠢᠲᠡᠯᠡᠭᠰᠡᠨ ᠴᠠᠭ᠄
2023/3/22
     ᠮᠠᠨ ᠤ ᠤᠯᠤᠰ ᠤᠨ ᠤᠯᠠᠮᠵᠢᠯᠠᠯᠲᠤ ᠪᠠᠶᠠᠷ ᠤᠨ ᠡᠳᠦᠷ ᠲᠤ᠂ ᠪᠢᠯᠢᠭ ᠤᠨ ᠤᠯᠠᠷᠢᠯ ᠤᠨ ᠴᠠᠭᠠᠨ ᠰᠠᠷ᠎ᠠ ᠶᠢᠨ ᠬᠤᠷᠢᠨ ᠲᠠᠪᠤᠨ ᠤ ᠡᠳᠦᠷ ᠪᠣᠯ ᠬᠦᠮᠦᠷᠭᠡ ᠪᠠᠨ ᠲᠦᠬᠦᠷᠬᠡᠬᠦ ᠪᠠᠶᠠᠷ ᠤᠨ ᠡᠳᠦᠷ ᠪᠣᠯᠤᠨ᠎ᠠ᠃ ᠪᠢᠯᠢᠭ ᠤᠨ ᠤᠯᠠᠷᠢᠯ ᠤᠨ ᠬᠤᠶᠠᠷ ᠰᠠᠷ᠎ᠠ ᠶᠢᠨ ᠰᠢᠨ᠎ᠡ ᠶᠢᠨ ᠬᠤᠶᠠᠷ ᠲᠤ ᠯᠤᠤ ᠶᠢᠨ ᠲᠣᠯᠣᠭᠠᠶ ᠥᠨᠳᠡᠢᠳᠡᠭ᠂ ᠮᠠᠰᠢ ᠣᠯᠠᠨ ᠬᠥᠮᠦᠰ ᠡᠨᠡ ᠬᠤᠶᠠᠷ ᠪᠠᠶᠠᠷ ᠤᠨ ᠡᠳᠤᠷ ᠢ ᠶᠠᠮᠠᠷ ᠴᠦ ᠬᠤᠯᠪᠣᠭ᠎ᠠ ᠦᠭᠡᠢ ᠭᠡᠵᠦ ᠦᠵᠡᠳᠡᠭ ᠪᠣᠯᠪᠠᠴᠤ ᠦᠨᠡᠨ ᠳᠡᠭᠡᠨ ᠮᠢᠩᠭᠠᠨ ᠵᠢᠯ ᠤᠨ ᠡᠮᠦᠨ᠎ᠡ ᠡᠨᠡ ᠬᠤᠶᠠᠷ ᠪᠠᠶᠠᠷ ᠤᠨ ᠡᠳᠦᠷ ᠨᠢ ᠶᠠᠭ ᠯᠠ ᠨᠢᠭᠡ ᠡᠰᠢ ᠠᠴᠠ ᠰᠠᠯᠠᠭᠠᠯᠠᠨ ᠳᠡᠯᠭᠡᠷᠡᠭᠰᠡᠨ ᠬᠤᠶᠠᠷ ᠬᠦᠢᠰ ᠴᠡᠴᠡᠭ ᠬᠡᠮᠡᠷ ᠭᠡᠵᠦ ᠬᠡᠯᠡᠵᠤ ᠪᠤᠯᠤᠨ᠎ᠠ᠃ ᠡᠷᠲᠡᠨ ᠤ ᠬᠥᠮᠥᠰ ᠰᠠᠩ ᠬᠥᠮᠥᠷᠭᠡ ᠪᠠᠨ ᠲᠦᠬᠦᠷᠬᠡᠬᠦ ᠪᠠᠶᠠᠷ ᠠᠴᠠ ᠬᠤᠶᠠᠷ ᠰᠠᠷ᠎ᠠ ᠶᠢᠨ ᠰᠢᠨ᠎ᠠ ᠶᠢᠨ ᠬᠤᠶᠠᠷ ᠬᠦᠷᠲᠡᠯᠡᠬᠢ ᠬᠤᠭᠤᠴᠠᠭᠠᠨ ᠳᠤ ᠠᠮᠤ ᠶᠢᠨ ᠬᠥᠮᠥᠷᠭᠡ ᠪᠠᠨ ᠳᠦᠭᠦᠷᠭᠡᠵᠦ᠂ ᠲᠠᠪᠤᠨ ᠲᠠᠷᠢᠶ᠎ᠠ ᠡᠯᠪᠡᠭ ᠬᠤᠷᠢᠶᠠᠯᠳᠠ ᠲᠠᠢ᠂ ᠠᠵᠤ ᠠᠮᠢᠳᠤᠷᠠᠯ ᠵᠣᠯ ᠵᠢᠷᠭᠠᠯ ᠲᠠᠢ ᠪᠠᠶᠢᠬᠤ ᠶᠢ ᠬᠦᠰᠡᠨ ᠳᠠᠭᠠᠳᠬᠠᠳᠠᠭ ᠶᠤᠮ᠃      ᠭᠡᠪᠡᠴᠦ ᠢᠷᠡᠯᠳᠡ ᠨᠢ ᠬᠡᠳᠤᠷᠬᠡᠢ ᠤᠷᠳᠤ ᠤᠴᠢᠷ ᠠᠴᠠ ᠰᠠᠩ ᠬᠦᠮᠤᠷᠬᠡ ᠪᠠᠨ ᠲᠦᠬᠦᠷᠬᠡᠬᠦ ᠪᠠᠶᠠᠷ ᠪᠠ ᠬᠤᠶᠠᠷ ᠰᠠᠷ᠎ᠠ ᠶᠢᠨ ᠰᠢᠨ᠎ᠠ ᠶᠢᠨ ᠬᠤᠶᠠᠷ ᠤᠨ ᠪᠠᠶᠠᠷ ᠣᠳᠣ ᠮᠠᠰᠢ ᠣᠯᠠᠨ ᠭᠠᠵᠠᠷ ᠤᠷᠤᠨ ᠳᠤ ᠨᠢᠬᠡᠨᠳᠡ ᠠᠳᠠᠯᠢ ᠪᠤᠰᠤ ᠬᠤᠶᠠᠷ ᠪᠠᠶᠠᠷ ᠤᠨ ᠡᠳᠦᠷ ᠪᠣᠯᠤᠨ ᠬᠤᠪᠢᠷᠠᠵᠤ᠂ ᠬᠥᠬᠡᠬᠤᠲᠠ ᠳᠤ ᠴᠦ ᠭᠡᠰᠡᠨ ᠡᠶᠢᠮᠦ ᠪᠠᠶᠢᠳᠠᠭ᠃      ᠬᠥᠬᠡᠬᠤᠲᠠ ᠳᠤ᠂ ᠲᠣᠰᠬᠤ ᠭᠡᠷ ᠲᠣᠰᠬᠤᠨ ᠤ ᠰᠠᠩ ᠬᠦᠮᠤᠷᠬᠡ ᠪᠠᠨ ᠲᠦᠬᠦᠷᠬᠡᠬᠦ ᠪᠠᠶᠠᠷ ᠪᠣᠯᠤᠨ ᠭᠤᠷᠪᠡᠨ ᠪᠠᠶᠢᠰᠢᠩ ᠲᠣᠰᠬᠤᠨ ᠤ ᠬᠤᠶᠠᠷ ᠰᠠᠷ᠎ᠠ ᠶᠢᠨ ᠰᠢᠨ᠎ᠡ ᠶᠢᠨ ᠬᠤᠶᠠᠷ ᠤᠨ ᠪᠠᠶᠠᠷ ᠨᠢ ᠲᠣᠰᠬᠤᠨ ᠲᠠᠢ ᠪᠠᠨ ᠠᠳᠠᠯᠢ ᠡᠷᠲᠡᠨ ᠤ ᠬᠢ ᠪᠠᠶᠢᠵᠤ᠂ ᠬᠤᠶᠠᠷ ᠭᠤᠷᠪᠠᠨ ᠵᠠᠭᠤᠨ ᠵᠢᠯ ᠦᠷᠭᠦᠯᠵᠢᠯᠡᠵᠡᠢ᠂ ᠲᠠᠷᠠᠴᠢᠯᠠᠨ ᠴᠠᠭ ᠦᠶ᠎ᠡ ᠶᠢᠨ ᠬᠥᠭᠵᠢᠯᠲᠡ ᠶᠢ ᠳᠠᠭᠠᠯᠳᠤᠨ᠂ ᠵᠢᠯ ᠪᠦᠷᠢ ᠰᠢᠨ᠎ᠡ ᠠᠭᠤᠯᠭ᠎ᠠ ᠪᠦᠬᠦᠢ ᠠᠵᠢᠯᠯᠠᠭ᠎ᠠ ᠦᠷᠨᠢᠬᠦᠯᠵᠤ᠂ ᠡᠷᠳᠡᠨ ᠤ ᠠᠷᠠᠳ ᠤᠨ ᠵᠠᠩ ᠦᠢᠯᠡ ᠰᠢᠨ᠎ᠡ ᠴᠠᠭ ᠦᠶ᠎ᠡ ᠳᠤ ᠰᠢᠨ᠎ᠡ ᠠᠮᠢᠵᠢᠷᠠᠯ ᠤᠨ ᠬᠦᠴᠦᠨ ᠲᠠᠢ ᠪᠣᠯᠵᠤ ᠪᠢᠯᠡ᠃
     ᠯᠢᠦ ᠮᠢᠩ ᠵᠥᠩ ᠪᠣᠯᠤᠨ ᠪᠦ᠋ ᠶᠢᠦ ᠯᠢᠶᠠᠩ ᠤᠨ ᠦᠵᠡᠬᠦ ᠪᠠᠷ᠂ ᠰᠠᠩ ᠬᠦᠮᠤᠷᠬᠡ ᠲᠦᠬᠦᠷᠬᠡᠬᠦ ᠪᠠᠶᠠᠷ ᠪᠣᠯᠤᠨ ᠬᠤᠶᠠᠷ ᠰᠠᠷ᠎ᠠ ᠶᠢᠨ ᠰᠢᠨ᠎ᠡ ᠶᠢᠨ ᠬᠤᠶᠠᠷ ᠤᠨ ᠪᠠᠶᠠᠷ ᠪᠣᠯ ᠠᠳᠠᠯᠢ ᠪᠤᠰᠤ ᠪᠠᠶᠠᠷ ᠤᠨ ᠡᠳᠦᠷ ᠪᠣᠯᠣᠨ᠎ᠠ᠂ ᠡᠨᠡ ᠬᠤᠶᠠᠷ ᠪᠠᠶᠠᠷ ᠤᠨ ᠡᠳᠦᠷ ᠨᠢ ᠬᠤᠭᠤᠷᠤᠨᠳᠤ ᠪᠠᠨ ᠶᠠᠮᠠᠷᠴᠤ ᠬᠤᠯᠪᠣᠭ᠎ᠠ ᠦᠭᠡᠢ᠂ ᠤᠴᠢᠷ ᠨᠢ ᠲᠡᠳᠡ ᠪᠣᠯ ᠳᠡᠭᠡᠳᠤᠰ ᠤᠨ ᠢᠶᠠᠨ ᠤᠯᠠᠮᠵᠢᠯᠠᠯ ᠢ ᠲᠠᠭᠠᠵᠤ ᠡᠨᠡ ᠬᠦ ᠬᠡᠯᠡᠯᠭᠡ ᠶᠢ ᠪᠠᠷᠢᠮᠲᠠᠯᠠᠭᠰᠠᠭᠠᠷ ᠢᠷᠡᠵᠡᠢ᠃      ᠬᠥᠬᠡᠬᠤᠲᠠ ᠶᠢᠨ ᠠᠷᠠᠳ ᠤᠨ ᠵᠠᠩ ᠦᠢᠯᠡ ᠶᠢᠨ ᠲᠤᠰᠬᠠᠢ ᠮᠡᠷᠭᠡᠵᠢᠯᠲᠡᠨ ᠭᠤᠤ ᠶᠢᠨ ᠭᠦᠢ ᠶᠢᠨ ᠬᠡᠯᠡᠬᠦ ᠪᠠᠷ᠂ ᠱᠠᠨᠳᠦ᠋ᠩ ᠮᠤᠵᠢ ᠶᠢᠨ ᠳᠡᠵᠸᠦ ᠬᠤᠲᠠ ᠶᠢᠨ ᠯᠢᠩᠴᠧᠩ ᠲᠣᠭᠤᠷᠢᠭ ᠤᠨ ᠮᠢ ᠵᠧᠨ ᠤ ᠣᠶᠢᠷ᠎ᠠ ᠬᠠᠪᠢ ᠪᠠᠷ ᠬᠥᠮᠥᠰ ᠮᠥᠨ ᠯᠠ ᠰᠠᠩ ᠬᠦᠮᠦᠷᠭᠡ ᠲᠦᠭᠦᠷᠭᠡᠬᠦ ᠪᠠᠶᠠᠷ ᠤᠨ ᠡᠳᠦᠷ ᠠᠴᠠ ᠬᠤᠶᠠᠷ ᠰᠠᠷ᠎ᠠ ᠶᠢᠨ ᠰᠢᠨ᠎ᠡ ᠶᠢᠨ ᠬᠤᠶᠠᠷ ᠬᠦᠷᠲᠡᠯᠡᠬᠢ ᠡᠨᠡ ᠬᠡᠳᠦᠨ ᠡᠳᠦᠷ ᠢ ᠶᠡᠷᠦᠩᠬᠡᠢ ᠳᠤᠨᠢ ᠠᠮᠤ ᠪᠤᠳᠠᠭ᠎ᠠ ᠬᠦᠮᠦᠷᠭᠡᠯᠡᠬᠦ ᠪᠠᠶᠠᠷ ᠭᠡᠵᠦ᠂ ᠣᠳᠣ ᠪᠣᠯᠲᠠᠯ᠎ᠠ ᠬᠡᠳᠦᠨ ᠮᠢᠩᠭᠠᠨ ᠵᠢᠯ ᠤᠨ ᠶᠣᠰᠣ ᠵᠠᠩᠰᠢᠯ ᠢᠶᠠᠨ ᠬᠠᠳᠠᠭᠠᠯᠠᠭᠰᠠᠭᠠᠷ ᠢᠷᠡᠵᠡᠢ᠃      ᠣᠳᠣᠨ ᠵᠢᠷᠤᠬᠠᠢ ᠶᠢ ᠨᠠᠷᠢᠪᠴᠢᠯᠠᠨ ᠰᠢᠨᠵᠢᠯᠡᠪᠡᠯ᠂ ᠰᠠᠩ ᠬᠦᠮᠤᠷᠬᠡ ᠲᠦᠬᠦᠷᠬᠡᠬᠦ ᠪᠠᠶᠠᠷ ᠪᠣᠯᠣᠨ ᠬᠤᠶᠠᠷ ᠰᠠᠷ᠎ᠠ ᠶᠢᠨ ᠰᠢᠨ᠎ᠡ ᠶᠢᠨ ᠬᠤᠶᠠᠷ ᠤᠨ ᠪᠠᠶᠠᠷ  ᠨᠢ ᠨᠢᠭᠡ ᠯᠠ ᠪᠠᠶᠠᠷ ᠤᠨ ᠡᠳᠦᠷ ᠪᠣᠯᠬᠤ ᠢᠷᠡᠯᠲᠡ ᠶᠢ ᠡᠭᠦᠨ ᠠᠴᠠ ᠣᠯᠵᠤ ᠮᠡᠳᠡᠵᠦ ᠪᠣᠯᠣᠨ᠎ᠠ᠃      ᠡᠷᠲᠡᠨ ᠤ ᠬᠥᠮᠥᠰ ᠠᠯᠳᠠᠨ ᠭᠠᠳᠠᠰᠤ ᠣᠳᠣ ᠶᠢ ᠲᠩᠷᠢ ᠶᠢᠨ ᠲᠥᠪ ᠢᠶᠠᠷ ᠲᠣᠭᠲᠠᠭᠠᠵᠤ᠂ ᠵᠡᠭᠦᠨ ᠪᠠᠷᠠᠭᠤᠨ ᠡᠮᠦᠨ᠎ᠡ ᠤᠮᠠᠷ᠎ᠠ ᠶᠢᠨ ᠳᠦᠷᠪᠡᠨ ᠶᠡᠭᠡ ᠤᠳᠤᠨ ᠣᠷᠣᠨ ᠢ ᠬᠤᠪᠢᠶᠠᠵᠠᠶ᠃ ᠲᠤᠬᠠᠶᠢᠯᠠᠪᠠᠯ ᠵᠡᠭᠦᠨ ᠵᠦᠭ ᠤᠨ ᠬᠦᠬᠡ ᠯᠣᠣ᠂ ᠪᠠᠷᠠᠭᠤᠨ ᠵᠦᠭ ᠤᠨ ᠴᠠᠭᠠᠨ ᠪᠠᠷᠰ᠂ ᠡᠮᠦᠨ᠎ᠡ ᠵᠦᠭ ᠤᠨ ᠤᠯᠠᠭᠠᠨ ᠱᠠᠭᠠᠵᠠᠭᠠᠢ ᠪᠠ ᠬᠤᠶᠢᠨ᠎ᠠ ᠵᠦᠭ ᠤᠨ ᠶᠠᠰᠤᠲᠤ ᠮᠡᠯᠡᠬᠡᠢ ᠵᠡᠷᠭᠡ ᠶᠢ ︽ᠳᠦᠷᠪᠡᠨ ᠦᠵᠡᠭᠳᠡᠯ︾ ᠭᠡᠳᠡᠭ᠃ ᠦᠵᠡᠭᠳᠡᠯ ᠨᠢᠭᠡᠪᠦᠷᠢ ᠨᠢ ᠴᠥᠮ ︽ᠳᠣᠯᠣᠭᠠᠨ ᠭᠠᠷᠠᠭ︾ ᠢᠶᠠᠷ ᠪᠦᠷᠢᠯᠳᠦᠵᠦ᠂ ᠳᠡᠯᠡᠬᠡᠶ ᠶᠢᠨ ᠪᠥᠮᠪᠥᠷᠴᠡᠭ ᠤᠨ ᠲᠣᠭᠤᠷᠢᠯᠲᠠ ᠶᠢ ᠳᠠᠭᠠᠯᠳᠤᠨ᠂ ᠳᠥᠷᠪᠡᠨ ᠶᠡᠭᠡ ᠣᠳᠣᠨ ᠣᠷᠣᠨ ᠤ ᠪᠠᠶᠢᠷᠢ ᠨᠢ ᠴᠦ ᠨᠢᠭᠡ ᠵᠢᠯ ᠲᠤ ᠨᠢᠭᠡ ᠲᠣᠭᠤᠷᠢᠭ ᠡᠷᠭᠢᠳᠡᠭ᠃      ︽ᠬᠠᠪᠤᠷ ᠤᠨ ᠤᠯᠠᠷᠢᠯ ᠳᠤ ᠬᠥᠬᠡ ᠯᠤᠤ ᠶᠢᠨ ᠡᠪᠡᠷ ᠨᠢ ᠵᠡᠭᠦᠨ ᠠᠴᠠ ᠳᠡᠭᠡᠭᠰᠢᠯᠡᠵᠦ᠂ ᠯᠤᠤ ᠶᠢᠨ ᠲᠣᠯᠣᠭᠠᠶ ᠨᠢ ᠶᠠᠭ ᠯᠠ ᠬᠡᠭᠡᠷ᠎ᠡ ᠲᠠᠯ᠎ᠠ ᠳᠤ ᠡᠯᠢᠭᠡᠲᠡᠨ ᠬᠡᠪᠲᠡᠵᠤ ᠪᠠᠶᠢᠬᠤ ᠰᠢᠬ ᠪᠤᠯᠬᠤᠷ ︿ᠯᠣᠣ ᠶᠢ ᠲᠠᠷᠢᠶᠠᠨ ᠭᠠᠵᠠᠷ ᠲᠤ ᠤᠯᠵᠤ ᠬᠠᠷᠠᠯ᠎ᠠ﹀ ᠭᠡᠳᠡᠭ᠂ ᠡᠭᠦᠨ ᠢ ᠪᠠᠰᠠ ᠯᠤᠤ ᠶᠢᠨ ᠲᠣᠯᠣᠭᠠᠢ ᠥᠨᠳᠡᠶᠢᠬᠦ ᠬᠡᠵᠤ ᠬᠡᠯᠡᠳᠡᠭ︾ ᠭᠡᠵᠦ ᠭᠤᠤ ᠶᠢᠨ ᠭᠦᠢ ᠶᠠᠷᠢᠨ᠎ᠠ᠃      ᠡᠷᠲᠡ ᠳᠡᠭᠡᠳᠦ ᠠᠴᠠ ᠪᠠᠨ ᠽᠧᠰᠲᠠ ᠪᠤᠯᠤᠨ ᠠᠷᠳᠢᠷ ᠶᠠᠭ ᠬᠠᠪᠤᠷ ᠤᠨ ᠬᠤᠭᠤᠰ ᠪᠠ ᠨᠠᠮᠤᠷ ᠤᠨ ᠬᠤᠭᠤᠰ ᠤᠨ ᠴᠡᠭ ᠳᠡᠭᠡᠷ᠎ᠡ ᠪᠠᠶᠢᠵᠤ᠂ ᠡᠨᠡ ᠬᠤᠶᠠᠷ ᠣᠳᠣ ᠶᠢ ᠡᠷᠲᠡᠨ ᠤ ᠬᠥᠮᠥᠰ ᠬᠠᠮᠲᠤ ᠳᠠᠭᠠᠨ ᠳᠠᠭᠢᠬᠤ ᠮᠦᠷᠳᠡᠬᠡᠨ ᠲᠦᠢᠯ ᠤᠨ ᠦᠪᠡᠳᠡᠭᠰᠢ ᠶᠡᠭᠡ ᠪᠠᠷ ᠳᠠᠭᠢᠳᠠᠭ ᠪᠠᠶᠢᠵᠠᠢ᠃ ︽ᠬᠥᠮᠦᠰ ᠡᠨᠡ ᠬᠤᠶᠠᠷ ᠣᠳᠣ ᠶᠢ ᠳᠠᠭᠢᠵᠤ ᠪᠠᠶᠢᠭ᠎ᠠ ᠨᠢ ᠬᠥᠬᠡ ᠯᠣᠣ ᠶᠢᠨ ᠵᠡᠭᠦᠨᠰᠢ ᠮᠠᠨᠳᠤᠬᠤ ᠶᠢ ᠤᠭᠲᠤᠵᠤ᠂ ᠴᠠᠭᠠᠨ ᠪᠠᠷᠰ ᠢ ᠪᠠᠷᠠᠭᠤᠨᠰᠢ ᠵᠢᠷᠭᠠᠭᠤᠯᠬᠤ ᠵᠣᠷᠢᠯᠭ᠎ᠠ ᠲᠠᠢ ᠠᠵᠢᠯᠯᠠᠭ᠎ᠠ  ᠨᠢ ᠰᠡᠭᠦᠯᠡᠷᠬᠢ ᠠᠮᠤ ᠪᠤᠳᠠᠭ᠎ᠠ ᠬᠥᠮᠥᠷᠭᠡᠯᠡᠬᠦ ᠪᠠᠶᠠᠷ ᠪᠤᠯᠵᠤ ᠬᠤᠪᠢᠷᠠᠭᠰᠠᠠ ᠪᠠᠶᠢᠨ᠎ᠠ᠃ ᠥᠭᠡᠷ᠎ᠡ ᠪᠠᠷ ᠬᠡᠯᠡᠪᠡᠯ᠂ ᠬᠠᠮᠤᠭ ᠠᠩᠬᠠᠨ ᠤ ᠰᠠᠩ ᠬᠦᠮᠤᠷᠬᠡ ᠪᠠᠨ ᠲᠦᠬᠦᠷᠬᠡᠬᠦ ᠪᠠᠶᠠᠷ ᠪᠣᠯᠬᠤ ᠯᠤᠤ ᠶᠢᠨ ᠲᠣᠯᠣᠭᠠᠢ ᠥᠨᠳᠡᠶᠢᠬᠦ ᠪᠣᠯ ᠨᠢᠭᠡ ᠪᠠᠶᠠᠷ ᠤᠨ ᠡᠳᠦᠷ ᠪᠣᠯᠣᠨ᠎ᠠ﹀ ᠬᠡᠮᠡᠨ ᠭᠤᠤ ᠶᠢᠨ ᠭᠦᠢ ᠶᠠᠷᠢᠨ᠎ᠠ᠃      ᠰᠢᠯᠭᠠᠨ ᠨᠤᠲᠠᠯᠠᠯᠲᠠ ᠶᠢ ᠦᠨᠳᠦᠰᠦᠯᠡᠪᠡᠯ᠂ ᠬᠠᠮᠤᠭ ᠠᠩᠬᠠᠨ ᠤ ᠦᠶ᠎ᠡ ᠶᠢᠨ ᠠᠮᠤ ᠪᠤᠳᠠᠭ᠎ᠠ ᠬᠦᠮᠦᠷᠭᠡᠯᠡᠬᠦ ᠪᠠᠶᠠᠷ ᠤᠨ ᠡᠳᠤᠷ ᠢ ᠬᠤᠶᠠᠷ ᠠᠯᠬᠤᠮ ᠬᠤᠪᠢᠶᠠᠵᠤ ᠪᠠᠶᠢᠭᠰᠠᠨ ᠶᠤᠮ᠂ ᠳᠠᠷᠤᠶ ᠰᠠᠩ ᠬᠦᠮᠦᠷᠭᠡ ᠪᠠᠨ ᠲᠦᠬᠦᠷᠬᠡᠬᠦ ᠡᠳᠤᠷ ᠢ ︽ᠦᠲᠦᠷᠮ᠎ᠡ ᠠᠪᠬᠤ︾ ᠡᠳᠦᠷ ᠬᠡᠵᠤ᠂ ᠯᠣᠣ ᠶᠢᠨ ᠲᠣᠯᠣᠭᠠᠶ ᠥᠨᠳᠡᠶᠢᠬᠦ ᠡᠳᠤᠷ ᠢ ︽ᠠᠮᠤ ᠬᠦᠮᠦᠷᠭᠡᠯᠡᠬᠦ ︾ ᠡᠳᠤᠷ ᠬᠡᠳᠡᠭ᠃ ︽ᠡᠷᠲᠡᠨ ᠤ ᠦᠶ᠎ᠡ ᠳᠤ᠂ ᠰᠠᠩ ᠬᠦᠮᠤᠷᠬᠡ ᠪᠠᠨ ᠲᠦᠬᠦᠷᠬᠡᠬᠦ ᠡᠳᠤᠷ ᠤᠨ ᠡᠮᠦᠨ᠎ᠡ ᠣᠷᠣᠶ ᠨᠢ ᠨᠠᠰᠤᠲᠠᠶᠢᠴᠤᠳ ᠣᠳᠣ ᠭᠠᠷᠤᠭᠰᠠᠠ ᠤ ᠳᠠᠷᠠᠭ᠎ᠠ᠂ ᠥᠨᠳᠥᠷ ᠳᠡᠭᠡᠷ᠎ᠡ ᠭᠠᠷᠴᠤ ᠠᠷᠳᠢᠷ ᠤᠨ ᠭᠤᠷᠪᠠᠨ ᠣᠳᠣ ︿ᠪᠤᠶᠠᠨ᠂ ᠬᠡᠰᠢᠭ᠂ ᠬᠤᠳᠤᠭ﹀ ᠢ ᠳᠠᠭᠢᠳᠠᠭ ᠪᠠᠶᠢᠵᠠᠢ᠂ ᠰᠠᠩ ᠬᠦᠮᠦᠷᠭᠡ ᠪᠠᠨ ᠲᠦᠬᠦᠷᠬᠡᠬᠦ ᠳᠤᠰ ᠡᠳᠦᠷ ᠲᠤᠨᠢ ︿ᠦᠲᠦᠷᠮ᠎ᠡ ᠠᠪᠬᠤ﹀ ᠦᠶ᠎ᠡ ᠳᠤ ᠡᠪᠡᠰᠦ ᠮᠣᠳᠣᠨ ᠤ ᠦᠨᠡᠰᠦ ᠪᠠᠷ ᠭᠠᠵᠠᠷ ᠳᠡᠭᠡᠷ᠎ᠡ ᠭᠤᠷᠪᠠᠨ ᠳᠠᠪᠬᠤᠷ ᠲᠣᠭᠤᠷᠢᠭ ᠬᠡᠯᠪᠡᠷᠢ ᠲᠠᠢ ᠠᠮᠤ ᠪᠤᠳᠠᠭ᠎ᠠ ᠶᠢᠨ ᠬᠥᠮᠥᠷᠭᠡ ᠵᠢᠷᠤᠳᠠᠭ᠂ ᠯᠣᠤ ᠶᠢᠨ ᠲᠣᠯᠣᠭᠠᠶ ᠥᠨᠳᠡᠶᠢᠬᠦ᠂ ᠬᠥᠮᠦᠰ ᠮᠥᠨ ᠯᠡ ᠳᠠᠬᠢᠨᠲᠠ ᠦᠨᠡᠰᠦ ᠪᠠᠨ ᠰᠠᠴᠤᠵᠤ ᠦᠲᠦᠷᠮ᠎ᠡ ᠠᠪᠳᠠᠭ᠂ ᠡᠨᠡ ᠤᠳᠠᠭ᠎ᠠ ᠶᠢ ᠨᠢ ︿ᠠᠮᠤ ᠬᠦᠮᠦᠷᠭᠡᠯᠡᠬᠦ﹀ ᠭᠡᠳᠡᠭ︾ ᠭᠡᠵᠦ ᠭᠤᠤ ᠶᠢᠨ ᠬᠦᠶ ᠶᠠᠷᠢᠨ᠎ᠠ᠃ ︽ᠦᠲᠦᠷᠮ᠎ᠡ ᠠᠪᠬᠤ︾ ᠨᠢ ︽ᠠᠮᠤ ᠬᠦᠮᠦᠷᠭᠡᠯᠡᠬᠦ︾ ᠠᠴᠠ ᠨᠡᠩ ᠴᠢᠬᠤᠯᠠ᠂ ᠡᠶᠢᠮᠦ ᠠᠴᠠ ᠶᠡᠷᠦ ᠶᠢᠨ ᠦᠭᠡᠨ ᠳᠤ ︽ᠦᠲᠦᠷᠮ᠎ᠡ ᠠᠪᠴᠢᠬᠠᠭᠠᠳ ᠬᠤᠷᠢᠶᠠᠨ ᠬᠠᠳᠠᠭᠠᠯᠠᠬᠤ ᠦᠭᠡᠢ ᠶᠤᠮ ᠪᠣᠯ ᠯᠠᠪᠲᠠᠢ ᠬᠤᠭᠤᠰᠤᠷᠠᠨ ᠶᠠᠳᠠᠭᠤᠷᠠᠨ᠎ᠠ︾ ᠭᠡᠵᠦ ᠬᠡᠯᠡᠳᠡᠭ ᠨᠢ ᠣᠷᠣ ᠲᠠᠢ ᠦᠭᠡ ᠪᠢᠯᠠ᠃ ᠥᠪᠥᠷ ᠮᠣᠩᠭᠤᠯ ᠤᠨ ᠡᠳᠦᠷ ᠤᠨ ᠰᠣᠨᠢᠨ ᠤ ᠰᠤᠷᠪᠤᠯᠵᠢᠯᠠᠭᠴᠢ ᠭᠤᠤ ᠷᠦᠢ ᠹᠧᠩ
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号