ᠦᠷᠭᠡᠰᠦᠳᠦ ᠠᠨᠠᠷᠰᠢᠭ ᠵᠢᠮᠢᠰ ︵榴莲︶ ᠢᠳᠡᠭᠰᠡᠨ ᠤ ᠳᠠᠷᠠᠭ᠎ᠠ ᠡᠳᠡᠭᠡᠷ ᠢᠳᠡᠭᠡᠨ ᠢ ᠢᠳᠡᠵᠦ  ᠪᠣᠯᠬᠤ ᠦᠭᠡᠢ ᠤᠤ︖ ᠡᠨᠡ ᠬᠦ ᠴᠤᠤᠷᠬᠠᠯ ᠤᠳ ᠢ ᠪᠢᠳᠡᠭᠡᠢ ᠢᠳᠡᠭᠡᠭᠡᠷᠡᠢ︕
ᠨᠡᠶᠢᠲᠡᠯᠡᠭᠰᠡᠨ ᠴᠠᠭ᠄
2023/5/24
     ᠦᠷᠭᠡᠰᠦᠳᠦ ᠠᠨᠠᠷᠰᠢᠭ ᠵᠢᠮᠢᠰ ᠢᠳᠡᠪᠡᠯ ᠠᠷᠢᠬᠢ ᠤᠤᠭᠤᠵᠤ ᠪᠣᠯᠬᠤ ᠦᠭᠡᠢ ᠤᠤ︖              ᠴᠤᠤᠷᠬᠠᠯ 1᠄ ᠴᠤᠤᠷᠬᠠᠯ ᠶᠠᠷᠢᠶᠠᠨ ᠳᠤ᠂ ᠦᠷᠭᠡᠰᠦᠳᠦ ᠠᠨᠠᠷᠰᠢᠭ ᠵᠢᠮᠢᠰ ᠨᠢ ᠰᠫᠢᠷᠲ ᠤᠨ ᠰᠣᠯᠢᠯᠴᠠᠭ᠎ᠠ ᠶᠢ ᠨᠥᠯᠥᠭᠡᠯᠡᠳᠡᠭ᠂ ᠦᠷᠭᠡᠰᠦᠳᠦ ᠠᠨᠠᠷᠰᠢᠭ ᠵᠢᠮᠢᠰ ᠢᠳᠡᠭᠡᠳ ᠠᠷᠢᠬᠢ ᠤᠤᠭᠤᠪᠠᠯ ᠠᠮᠢ  ᠨᠠᠰᠤᠨ ᠤ  ᠠᠶᠤᠯ ᠲᠠᠢ  ᠭᠡᠵᠦ  ᠪᠤᠢ︔ ᠪᠠᠰᠠ ᠵᠠᠷᠢᠮ ᠬᠥᠮᠦᠨ ᠤ ᠬᠡᠯᠡᠬᠦ ᠪᠠᠷ᠂ ᠦᠷᠭᠡᠰᠦᠳᠦ ᠠᠨᠠᠷᠰᠢᠭ ᠵᠢᠮᠢᠰ + ᠠᠷᠢᠬᠢ ᠨᠢ ᠬᠦᠨᠴᠢᠯ ᠡᠭᠦᠰᠭᠡᠵᠦ᠂ ᠬᠥᠮᠦᠨ ᠢ ᠬᠤᠤᠷᠳᠠᠭᠤᠯᠳᠠᠭ ᠭᠡᠨ᠎ᠡ᠃            ᠦᠨᠡᠨ ᠪᠠᠶᠢᠳᠠᠯ᠄ ᠦᠷᠭᠡᠰᠦᠳᠦ ᠠᠨᠠᠷᠰᠢᠭ ᠵᠢᠮᠢᠰ ᠨᠢ ᠬᠥᠮᠦᠨ ᠤ ᠪᠡᠶ᠎ᠡ ᠶᠢᠨ ᠰᠫᠢᠷᠲ ᠤᠨ ᠰᠣᠯᠢᠯᠴᠠᠭᠠᠨ ᠤ ᠴᠢᠳᠠᠪᠤᠷᠢ ᠶᠢ ᠪᠠᠭᠤᠷᠠᠭᠤᠯᠳᠠᠭ᠂ ᠭᠡᠪᠡᠴᠦ ᠵᠥᠪᠬᠡᠨ ᠪᠠᠭ᠎ᠠ ᠰᠠᠭ᠎ᠠ ᠨᠥᠯᠥᠭᠡ ᠪᠤᠯᠳᠠᠭ ᠪᠦᠭᠡᠳ ᠡᠨᠡ ᠬᠤᠶᠠᠷ ᠢ ᠴᠤᠭ ᠢᠳᠡᠪᠡᠯ ᠠᠮᠢ ᠨᠠᠰᠤᠨ ᠤ ᠠᠶᠤᠯ ᠭᠠᠷᠬᠤ ᠪᠤᠶᠤ ᠬᠤᠤᠷᠳᠠᠭᠤᠯᠬᠤ ᠶᠠᠪᠤᠳᠠᠯ ᠭᠠᠷᠬᠤ ᠦᠭᠡᠢ᠃              ᠦᠷᠭᠡᠰᠦᠳᠦ ᠠᠨᠠᠷᠰᠢᠭ ᠵᠢᠮᠢᠰ ᠢᠳᠡᠪᠡᠯ ᠨᠠᠢᠮᠠᠯᠵᠢ ᠢᠳᠡᠵᠦ ᠪᠣᠯᠬᠤ ᠦᠭᠡᠢ ᠤᠤ︖              ᠴᠤᠤᠷᠬᠠᠯ 2᠄ ᠴᠤᠤᠷᠬᠠᠯ  ᠶᠠᠷᠢᠶᠠᠨ ᠳᠤ᠂  ᠨᠠᠢᠮᠠᠯᠵᠢ  ᠪᠤᠯᠤᠨ  ᠦᠷᠭᠡᠰᠦᠳᠦ  ᠠᠨᠠᠷᠰᠢᠭ ᠵᠢᠮᠢᠰ ᠨᠢ ᠬᠠᠷᠢᠯᠴᠠᠨ ᠬᠠᠷᠰᠢᠳᠠᠭ᠂ ᠡᠨᠡ ᠬᠤᠶᠠᠷ ᠢ ᠴᠤᠭ ᠢᠳᠡᠪᠡᠯ ᠬᠤᠳᠣᠭᠤᠳᠣ ᠡᠪ ᠥᠬᠡᠶ ᠪᠤᠯᠬᠤ ᠪᠦᠭᠡᠳ ᠪᠠᠰᠠ ᠰᠠᠭᠤᠯᠭᠠᠬᠤ ᠪᠣᠯᠤᠯᠴᠠᠭ᠎ᠠ ᠲᠠᠢ ᠭᠡᠵᠦ ᠪᠤᠢ᠃              ᠦᠨᠡᠨ ᠪᠠᠶᠢᠳᠠᠯ᠄ ᠡᠨᠡ ᠬᠤᠶᠠᠷ ᠢ ᠴᠤᠭ ᠢᠳᠡᠵᠦ ᠪᠣᠯᠤᠨ᠎ᠠ᠂ ᠤᠷᠢᠲᠠᠯ ᠨᠦᠬᠦᠴᠡᠯ ᠬᠡᠪᠡᠯ ᠢᠳᠡᠭᠡᠨ ᠨᠢ ᠠᠷᠢᠭᠤᠨ ᠴᠡᠪᠡᠷ ᠪᠠᠶᠢᠬᠤ ᠬᠡᠷᠡᠭᠲᠡᠶ᠃                ᠦᠷᠭᠡᠰᠦᠳᠦ ᠠᠨᠠᠷᠰᠢᠭ ᠵᠢᠮᠢᠰ ᠢᠳᠡᠪᠡᠯ ᠺᠤᠯᠠ ᠤᠤᠭᠤᠵᠤ ᠪᠣᠯᠬᠤ ᠦᠭᠡᠢ ᠤᠤ︖              ᠴᠤᠤᠷᠬᠠᠯ 3᠄  ᠵᠠᠷᠢᠮ ᠬᠥᠮᠦᠨ ᠤ ᠦᠵᠡᠬᠦ ᠪᠠᠷ᠂ ᠺᠤᠯᠠ ᠪᠣᠯ ᠨᠢᠭᠡ ᠵᠦᠢᠯ ᠤᠨ ᠺᠣᠹᠧᠶ᠋ᠢᠨ ᠠᠭᠤᠯᠤᠭᠰᠠᠨ ᠨᠡᠭᠦᠷᠡᠰᠦᠬᠦ᠋ᠴᠢᠯ ᠤᠨ ᠤᠮᠳᠠᠭᠠᠨ ᠮᠥᠨ᠂ ᠺᠣᠹᠧᠶ᠋ᠢᠨ ᠪᠣᠯᠤᠨ ᠦᠷᠭᠡᠰᠦᠳᠦ ᠠᠨᠠᠷᠰᠢᠭ ᠵᠢᠮᠢᠰ ᠢ ᠴᠤᠭ ᠢᠳᠡᠪᠡᠯ ᠠᠮᠠᠷᠬᠠᠨ ᠵᠢᠷᠦᠬᠡᠨ ᠡᠪᠡᠳᠴᠢᠨ ᠡᠭᠦᠰᠴᠦ ᠭᠡᠨᠡᠳᠲᠡ ᠦᠬᠦᠵᠦ ᠮᠡᠳᠡᠨ᠎ᠡ ᠭᠡᠨ᠎ᠡ᠃      ᠦᠨᠡᠨ ᠪᠠᠶᠢᠳᠠᠯ᠄ ᠡᠨᠡ ᠬᠤᠶᠠᠷ ᠢ ᠴᠤᠭ ᠢᠳᠡᠵᠦ ᠪᠣᠯᠤᠨ᠎ᠠ᠂ ᠭᠡᠪᠡᠴᠦ ᠪᠢᠲᠡᠭᠡᠢ ᠦᠷᠭᠡᠰᠦᠳᠦ ᠠᠨᠠᠷᠰᠢᠭ ᠵᠢᠮᠢᠰ ᠤᠨ ᠲᠤᠬᠠᠢ ᠴᠤᠤᠷᠬᠠᠯ ᠵᠣᠬᠢᠶᠠᠵᠤ᠂ ᠺᠤᠯᠠ ᠶᠢ ︽ᠭᠠᠶᠢᠬᠠᠭᠤᠯᠤᠭᠠᠷᠠᠢ︾᠃              ᠦᠷᠭᠡᠰᠦᠳᠦ ᠠᠨᠠᠷᠰᠢᠭ ᠵᠢᠮᠢᠰ ᠢᠳᠡᠪᠡᠯ ᠦᠬᠡᠷ ᠬᠤᠨᠢᠨ ᠮᠢᠬ᠎ᠠ ᠢᠳᠡᠵᠦ ᠪᠣᠯᠬᠤ ᠦᠭᠡᠢ ᠤᠤ︖              ᠴᠤᠤᠷᠬᠠᠯ 4᠄ ᠦᠷᠭᠡᠰᠦᠳᠦ ᠠᠨᠠᠷᠰᠢᠭ ᠵᠢᠮᠢᠰ ᠪᠣᠯᠤᠨ ᠦᠬᠡᠷ ᠬᠤᠨᠢᠨ ᠮᠢᠬ᠎ᠠ ᠵᠡᠷᠭᠡ ᠶᠢ ᠴᠤᠭ ᠢᠳᠡᠵᠦ ᠪᠣᠯᠬᠤ ᠦᠭᠡᠢ᠂ ᠡᠨᠡ ᠬᠤᠶᠠᠷ ᠢ ᠴᠤᠭ ᠢᠳᠡᠪᠡᠯ ︽ᠴᠢᠰᠦ ᠬᠦᠭᠡᠷᠡᠵᠦ︾᠂ ᠬᠠᠮᠠᠷ ᠠᠴᠠ ᠠᠮᠠᠷᠬᠠᠨ ᠴᠢᠰᠤ ᠭᠠᠷᠬᠤ ᠪᠤᠶᠤ ᠰᠡᠪᠬᠡ ᠭᠠᠷᠤᠨ᠎ᠠ ᠭᠡᠵᠦ ᠬᠡᠯᠡᠵᠦ ᠪᠠᠶᠢᠬᠤ ᠶᠢ ᠦᠷᠭᠡᠰᠦᠳᠦ ᠠᠨᠠᠷᠰᠢᠭ ᠵᠢᠮᠢᠰ ᠢᠳᠡᠳᠡᠭ ᠬᠥᠮᠦᠰ ᠦᠷᠭᠦᠯᠵᠢ ᠤᠯᠵᠤ ᠰᠣᠨᠣᠰᠳᠠᠭ ᠪᠠᠶᠢᠬ᠎ᠠ᠃              ᠦᠨᠡᠨ ᠪᠠᠶᠢᠳᠠᠯ᠄ ᠦᠷᠭᠡᠰᠦᠳᠦ ᠠᠨᠠᠷᠰᠢᠭ ᠵᠢᠮᠢᠰ ᠢᠳᠡᠬᠦ ᠨᠢ ︽ᠴᠢᠰᠦ ᠬᠦᠭᠡᠷᠡᠬᠦ︾ ᠪᠠ ᠦᠬᠡᠷ ᠬᠤᠨᠢᠨ ᠮᠢᠬ᠎ᠠ ᠲᠠᠢ ᠬᠠᠮᠢᠶ᠎ᠠ ᠦᠭᠡᠢ᠂ ᠦᠷᠭᠡᠰᠦᠳᠦ ᠠᠨᠠᠷᠰᠢᠭ ᠵᠢᠮᠢᠰ ᠪᠤᠯᠤᠨ ᠦᠬᠡᠷ ᠬᠤᠨᠢᠨ ᠮᠢᠬ᠎ᠠ ᠶᠢ ᠴᠤᠭ ᠢᠳᠡᠵᠦ ᠪᠣᠯᠤᠨ᠎ᠠ᠃ ︽ᠴᠢᠰᠦ ᠬᠦᠭᠡᠷᠡᠬᠦ︾ ᠠᠴᠠ ᠬᠢᠴᠢᠶᠡᠪᠡᠯ ᠪᠠᠭ᠎ᠠ ᠢᠳᠡᠪᠡᠯ ᠪᠣᠯᠴᠢᠬᠠᠨ᠎ᠠ᠃               ᠨᠢᠭᠡ ᠦᠷᠭᠡᠰᠦᠳᠦ ᠠᠨᠠᠷᠰᠢᠭ ᠵᠢᠮᠢᠰ ᠨᠢ ᠭᠤᠷᠪᠠᠨ ᠲᠠᠬᠢᠶ᠎ᠠ ᠲᠠᠢ ᠲᠠᠩᠴᠠᠨ᠎ᠠ ᠤᠤ︖              ᠴᠤᠤᠷᠬᠠᠯ 5᠄ ᠨᠢᠭᠡ ᠦᠷᠭᠡᠰᠦᠳᠦ ᠠᠨᠠᠷᠰᠢᠭ ᠵᠢᠮᠢᠰ ᠭᠤᠷᠪᠠᠨ ᠲᠠᠬᠢᠶ᠎ᠠ   ᠲᠠᠢ  ᠲᠠᠩᠴᠡᠨ᠎ᠡ ᠭᠡᠳᠡᠭ ᠨᠢ ︽ᠨᠢᠭᠡ ᠦᠷᠭᠡᠰᠦᠳᠦ ᠠᠨᠠᠷᠰᠢᠭ ᠵᠢᠮᠢᠰ ᠤᠨ ᠰᠢᠮ᠎ᠡ ᠲᠡᠵᠢᠭᠡᠯ ᠨᠢ ᠭᠤᠷᠪᠠᠨ ᠲᠠᠬᠢᠶ᠎ᠠ ᠲᠠᠢ ᠲᠡᠩᠴᠡᠨ᠎ᠡ︾ ᠭᠡᠰᠡᠨ ᠤᠳᠬ᠎ᠠ ᠲᠠᠢ᠃              ᠦᠨᠡᠨ ᠪᠠᠶᠢᠳᠠᠯ᠄  ᠡᠶᠢᠮᠦ ᠪᠢᠰᠢ ᠶᠤᠮ᠂ ᠲᠠᠬᠢᠶᠠᠨ ᠤ ᠮᠢᠬ᠎ᠠ ᠶᠢᠨ ᠮᠠᠰᠢ ᠣᠯᠠᠨ ᠰᠢᠮ᠎ᠡ ᠲᠡᠵᠢᠭᠡᠯ ᠤᠨ ᠪᠦᠷᠢᠯᠳᠦᠬᠦᠨ ᠨᠢ ᠦᠷᠭᠡᠰᠦᠳᠦ ᠠᠨᠠᠷᠰᠢᠭ ᠵᠢᠮᠢᠰ ᠤᠨ ᠬᠢ ᠠᠴᠠ ᠥᠨᠳᠥᠷ ᠪᠠᠶᠢᠳᠠᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号