ᠬᠥᠬᠡᠬᠤᠲᠠ ᠶᠢᠨ ᠠᠩᠬᠠᠳᠠᠭᠴᠢ CCER ᠣᠶ ᠰᠢᠭᠤᠶ ᠶᠢᠨ ᠦᠢᠯᠡᠰ ᠤᠨ ᠨᠡᠭᠦᠷᠡᠰᠦᠲᠥ᠋ᠷᠥᠭᠴᠢ ᠶᠢ ᠬᠤᠷᠠᠭᠤᠯᠬᠤ ᠲᠥᠷᠥᠯ ᠵᠦᠢᠯ ᠬᠤᠷᠢᠨᠭᠡᠷ ᠰᠢᠶᠠᠨ ᠳᠤ ᠭᠠᠷ ᠤᠨ ᠥᠰᠥᠭ ᠵᠢᠷᠤᠪᠠ
ᠨᠡᠶᠢᠲᠡᠯᠡᠭᠰᠡᠨ ᠴᠠᠭ᠄
2024/1/29
     1 ᠰᠠᠷ᠎ᠠ ᠶᠢᠨ 24 ᠤ ᠡᠳᠦᠷ᠂ ᠬᠥᠬᠡᠬᠤᠲᠠ ᠶᠢᠨ ᠠᠩᠬᠠᠳᠠᠭᠴᠢ CCER ᠣᠶ ᠰᠢᠭᠤᠶ ᠶᠢᠨ ᠦᠢᠯᠡᠰ ᠤᠨ ᠨᠡᠭᠦᠷᠡᠰᠦᠲᠥ᠋ᠷᠥᠭᠴᠢ ᠶᠢ ᠬᠤᠷᠠᠭᠤᠯᠬᠤ ᠲᠥᠷᠥᠯ ᠵᠦᠢᠯ ᠤᠨ ᠭᠠᠷ ᠤᠨ ᠥᠰᠥᠭ ᠵᠢᠷᠤᠵᠤ ᠣᠯᠭᠤᠬᠤ ᠬᠡᠮᠵᠢᠶ᠎ᠡ ᠶᠢᠨ ᠤᠷᠢᠳᠴᠢᠯᠠᠨ ᠬᠤᠳᠠᠯᠳᠤᠬᠤ ᠠᠷᠠᠯᠵᠢᠶ᠎ᠠ ᠶᠢ ᠬᠤᠷᠢᠨᠭᠡᠷ ᠰᠢᠶᠠᠨ ᠳᠤ ᠤᠷᠤᠭᠰᠢᠲᠠᠶ ᠪᠡᠶᠡᠯᠡᠭᠦᠯᠪᠡ᠂ ᠡᠨᠡ ᠪᠣᠯ ᠪᠥᠬᠦ ᠬᠤᠲᠠ ᠶᠢᠨ ᠠᠩᠬᠠᠨ ᠤ ᠣᠶ ᠰᠢᠭᠤᠶ ᠶᠢᠨ ᠦᠢᠯᠡᠰ ᠤᠨ ᠨᠡᠭᠦᠷᠡᠰᠦᠲᠥ᠋ᠷᠥᠭᠴᠢ ᠶᠢ ᠬᠤᠷᠠᠭᠤᠯᠬᠤ ᠠᠷᠠᠯᠵᠢᠶ᠎ᠠ ᠪᠣᠯᠤᠨ᠎ᠠ᠃ ᠲᠣᠰ ᠤᠳᠠᠭ᠎ᠠ ᠶᠢᠨ ᠨᠡᠭᠦᠷᠡᠰᠦᠲᠥ᠋ᠷᠥᠭᠴᠢ ᠶᠢ ᠰᠢᠩᠭᠡᠭᠡᠨ ᠠᠪᠬᠤ ᠠᠷᠠᠯᠵᠢᠶ᠎ᠠ ᠶᠢ ᠪᠣᠯ ᠬᠤᠲᠠ ᠶᠢᠨ ᠨᠠᠮ ᠤᠨ ᠬᠤᠷᠢᠶ᠎ᠠ ᠵᠠᠰᠠᠭ ᠤᠨ ᠣᠷᠳᠣᠨ ᠤ ᠪᠠᠲᠤ ᠴᠢᠩᠭ᠎ᠠ ᠤᠳᠤᠷᠢᠳᠤᠯᠭ᠎ᠠ᠂ ᠬᠤᠲᠠ ᠶᠢᠨ ᠣᠶ ᠰᠢᠭᠤᠶ ᠡᠪᠡᠰᠦ ᠪᠡᠯᠴᠢᠭᠡᠷ ᠤᠨ ᠲᠣᠪᠴᠢᠶ᠎ᠠ ᠶᠢᠨ ᠬᠦᠴᠦᠲᠡᠶ ᠳᠡᠮᠵᠢᠯᠭᠡ ᠳᠣᠤᠷ᠎ᠠ᠂ ᠰᠢᠶᠠᠨ ᠤ ᠨᠠᠮ ᠤᠨ ᠬᠤᠷᠢᠶ᠎ᠠ᠂ ᠰᠢᠶᠠᠨ ᠤ ᠵᠠᠰᠠᠭ ᠤᠨ ᠣᠷᠳᠣᠨ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠪᠥᠬᠦ ᠬᠦᠴᠦᠨ ᠢᠶᠠᠷ ᠢᠶᠠᠨ ᠳᠥᠯᠭᠢᠨ ᠠᠬᠢᠭᠤᠯᠵᠤ᠂ 6 ᠰᠠᠷ᠎ᠠ ᠭᠠᠷᠤᠶ ᠶᠢᠨ ᠭᠠᠳᠠᠭᠠᠳᠤ ᠦᠢᠯᠡᠰ ᠤᠨ ᠪᠠᠶᠢᠴᠠᠭᠠᠯᠲᠠ᠂ ᠳᠣᠲᠣᠭᠠᠳᠤ ᠦᠢᠯᠡᠰ ᠤᠨ ᠡᠮᠬᠢᠯᠡᠯᠲᠡ ᠪᠠ ᠭᠤᠷᠪᠠᠳᠠᠬᠢ ᠡᠲᠡᠭᠡᠳ ᠤᠨ ᠮᠡᠷᠭᠡᠵᠢᠯ ᠤᠨ ᠲᠤᠯᠭᠠᠭᠤᠷᠢᠯᠠᠯ ᠤᠨ ᠬᠠᠮᠲᠤ ᠶᠢᠨ ᠴᠢᠷᠮᠠᠶᠢᠯᠭ᠎ᠠ ᠪᠠᠷ ᠪᠡᠶᠡᠯᠡᠭᠦᠯᠦᠭᠰᠡᠨ ᠶᠤᠮ᠃      ᠭᠠᠷ ᠤᠨ ᠦᠰᠦᠭ ᠵᠢᠷᠤᠬᠤ ᠶᠣᠰᠣᠯᠠᠯ ᠳᠡᠭᠡᠷ᠎ᠡ᠂ ᠰᠢᠯᠵᠢᠭᠦᠯᠦᠨ ᠬᠤᠳᠠᠯᠳᠤᠬᠤ ᠲᠠᠯ᠎ᠠ ᠶᠢᠨ ᠬᠤᠷᠢᠨᠭᠡᠷ ᠰᠢᠶᠠᠨ ᠤ ᠲᠠᠷᠢᠶᠠᠯᠠᠩ ᠤᠨ ᠬᠥᠭᠵᠢᠭᠦᠯᠦᠯᠲᠡ ᠶᠢᠨ ᠬᠠᠮᠲᠤ ᠶᠢᠨ ᠭᠠᠵᠠᠷ ᠰᠢᠷᠣᠢ ᠶᠢᠨ ᠡᠵᠡᠩᠨᠡᠯᠲᠡ ᠶᠢᠨ ᠬᠢᠵᠠᠭᠠᠷᠲᠤ ᠺᠣᠮᠫᠠᠨᠢ ᠨᠢ ᠰᠢᠯᠵᠢᠭᠦᠯᠦᠨ ᠠᠪᠬᠤ ᠲᠠᠯ᠎ᠠ ᠶᠢᠨ ᠤᠮᠠᠷᠠᠲᠤ ᠶᠢᠨ ᠬᠠᠮᠲᠤᠷᠠᠭᠰᠠᠨ ᠴᠠᠬᠢᠯᠭᠠᠨ ᠬᠦᠴᠦᠨ ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠲᠠᠢ ᠵᠥᠪᠯᠡᠯᠴᠡᠭᠡᠷ ᠲᠣᠭᠲᠠᠵᠤ᠂ ᠬᠤᠷᠢᠨᠭᠡᠷ ᠰᠢᠶᠠᠨ ᠤ CCER ᠤᠢ ᠰᠢᠭᠤᠢ ᠶᠢᠨ ᠦᠢᠯᠡᠰ ᠤᠨ ᠨᠡᠭᠦᠷᠡᠰᠦᠲᠥ᠋ᠷᠥᠭᠴᠢ ᠶᠢ ᠬᠤᠷᠠᠭᠤᠯᠬᠤ ᠲᠦᠷᠦᠯ ᠵᠦᠢᠯ ᠤᠨ ᠠᠩᠬᠠᠨ ᠤ ᠬᠤᠭᠤᠴᠠᠭᠠᠨ ᠤ ᠨᠡᠭᠡᠭᠡᠨ ᠬᠥᠭᠵᠢᠭᠦᠯᠦᠯᠲᠡ ᠶᠢᠨ 13.69 ᠲᠦᠮᠡᠨ ᠮᠦ ᠲᠤᠷᠤᠭ ᠮᠣᠳᠣᠨ ᠤ ᠤᠢ ᠶᠢᠨ ᠨᠡᠭᠦᠷᠡᠰᠦᠲᠥ᠋ᠷᠥᠭᠴᠢ ᠶᠢ ᠬᠤᠷᠠᠭᠤᠯᠬᠤ ᠬᠡᠮᠵᠢᠶ᠎ᠡ ᠶᠢ ᠤᠷᠢᠳᠴᠢᠯᠠᠨ ᠬᠤᠳᠠᠯᠳᠤᠬᠤ ᠠᠷᠠᠯᠵᠢᠶ᠎ᠠ ᠶᠢ ᠪᠡᠶᠡᠯᠡᠭᠦᠯᠵᠦ᠂ ᠲᠤᠰ ᠤᠳᠠᠭ᠎ᠠ ᠶᠢᠨ ᠠᠷᠠᠯᠵᠢᠶᠠᠨ ᠤ ᠲᠦᠷᠦᠯ ᠵᠦᠢᠯ ᠳᠤ ᠵᠢᠱᠢᠯᠲᠡ ᠪᠠᠷ ᠵᠢᠯ ᠪᠦᠷᠢ 8.2 ᠲᠦᠮᠡᠨ ᠲᠣᠨ ᠨᠡᠭᠦᠷᠡᠰᠦᠲᠥ᠋ᠷᠥᠭᠴᠢ ᠶᠢ ᠬᠤᠷᠠᠭᠤᠯᠬᠤ ᠬᠡᠮᠵᠢᠶ᠎ᠡ ᠶᠢ ᠪᠤᠢ ᠪᠣᠯᠭᠠᠵᠤ᠂ ᠨᠡᠭᠦᠷᠡᠰᠦᠲᠥ᠋ᠷᠥᠭᠴᠢ ᠶᠢ ᠬᠤᠷᠠᠭᠤᠯᠬᠤ ᠦᠢᠯᠡᠳᠬᠦᠨ ᠤ ᠦᠷᠳᠡᠭ ᠢ 492.84 ᠲᠦᠮᠡᠨ ᠲᠥᠭᠦᠷᠢᠭ ᠪᠡᠶᠡᠯᠡᠭᠦᠯᠬᠦ ᠪᠣᠯᠣᠨ᠎ᠠ᠃      ᠬᠤᠷᠢᠨᠭᠡᠷ ᠰᠢᠶᠠᠨ ᠤ ᠤᠢ ᠰᠢᠭᠤᠢ ᠡᠪᠡᠰᠦ ᠪᠡᠯᠴᠢᠭᠡᠷ ᠤᠨ ᠡᠬᠢ ᠪᠠᠶᠠᠯᠢᠭ ᠡᠯᠪᠡᠭ ᠳᠡᠯᠪᠡᠭ᠂ ᠠᠮᠢ ᠠᠬᠤᠢ ᠶᠢᠨ ᠨᠡᠭᠦᠷᠡᠰᠦᠲᠥ᠋ᠷᠥᠭᠴᠢ ᠶᠢ ᠬᠤᠷᠠᠭᠤᠯᠬᠤ ᠪᠦᠲᠦᠭᠡᠭᠳᠡᠬᠦᠨ ᠢ ᠨᠡᠭᠡᠭᠡᠨ ᠬᠥᠭᠵᠢᠭᠦᠯᠬᠦ ᠠᠯᠤᠰ ᠢᠷᠡᠭᠡᠳᠦᠢ ᠥᠷᠭᠡᠨ ᠠᠭᠤᠳᠠᠮ ᠪᠠᠶᠢᠨ᠎ᠠ᠃ ᠳᠠᠷᠠᠭᠠᠴᠢ ᠶᠢᠨ ᠠᠯᠬᠤᠮ ᠳᠤ᠂ ᠬᠤᠷᠢᠨᠭᠡᠷ ᠰᠢᠶᠠᠨ ᠤ ᠬᠢᠨ ︽ᠭᠤᠷᠪᠠᠨ ᠤᠮᠠᠷᠠᠲᠤ︾ ᠶᠢᠨ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠪᠦᠬᠦ ᠬᠦᠴᠦᠨ ᠢᠶᠠᠷ ᠢᠶᠠᠨ ᠪᠡᠶᠡᠯᠡᠭᠦᠯᠵᠦ᠂ ᠣᠶ ᠰᠢᠭᠤᠶ ᠡᠪᠡᠰᠦ ᠪᠡᠯᠴᠢᠭᠡᠷ ᠤᠨ ᠡᠬᠢ ᠪᠠᠶᠠᠯᠢᠭ ᠤᠨ ᠶᠡᠷᠦᠩᠬᠡᠶ ᠬᠡᠮᠵᠢᠶ᠎ᠡ ᠶᠢ ᠥᠷᠭᠡᠳᠬᠡᠨ᠂ ᠣᠶ ᠰᠢᠭᠤᠶ ᠡᠪᠡᠰᠦ ᠪᠡᠯᠴᠢᠭᠡᠷ ᠤᠨ ᠡᠬᠢ ᠪᠠᠶᠠᠯᠢᠭ ᠤᠨ ᠶᠠᠰᠤ ᠴᠢᠨᠠᠷ ᠢ ᠳᠡᠭᠡᠭᠰᠢᠯᠡᠭᠦᠯᠵᠦ᠂ ᠣᠶ ᠰᠢᠭᠤᠶ ᠶᠢᠨ ᠦᠢᠯᠡᠰ ᠤᠨ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠢ ᠰᠢᠩᠭᠡᠭᠡᠨ ᠠᠪᠬᠤ ᠶᠢ ᠦᠷᠭᠦᠯᠵᠢᠯᠡᠨ ᠨᠡᠭᠡᠭᠡᠨ ᠬᠥᠭᠵᠢᠭᠦᠯᠦᠭᠰᠡᠨ ᠰᠠᠭᠤᠷᠢᠨ ᠳᠡᠭᠡᠷ᠎ᠡ᠂ ᠨᠤᠲᠤᠭ ᠪᠡᠯᠴᠢᠭᠡᠷ᠂ ᠴᠢᠭᠢᠭᠯᠢᠭ ᠭᠠᠵᠠᠷ ᠤᠨ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠢ ᠰᠢᠩᠭᠡᠭᠡᠨ ᠠᠪᠴᠤ ᠨᠡᠭᠡᠭᠡᠨ ᠬᠥᠭᠵᠢᠭᠦᠯᠬᠦ ᠶᠢ ᠴᠢᠷᠮᠠᠶᠢᠨ ᠰᠦᠪᠡᠭᠴᠢᠯᠡᠵᠦ᠂ ᠠᠮᠢ ᠠᠬᠤᠶ ᠶᠢᠨ ᠥᠷᠲᠡᠭ ᠢ ᠠᠵᠤ ᠠᠬᠤᠶ ᠶᠢᠨ ᠥᠷᠲᠡᠭ᠂ ᠨᠡᠶᠢᠭᠡᠮ ᠤᠨ ᠥᠷᠲᠡᠭ ᠳᠠᠰᠢ ᠬᠤᠪᠢᠷᠠᠭᠤᠯᠬᠤ ᠶᠢ ᠪᠡᠶᠡᠯᠡᠭᠦᠯᠦᠨ᠂ ᠠᠵᠤ ᠠᠬᠤᠶ ᠬᠢᠭᠡᠳ ᠠᠮᠢ ᠠᠬᠤᠶ ᠶᠢᠨ ᠣᠷᠴᠢᠨ ᠲᠣᠭᠤᠷᠢᠨ ᠤ ᠰᠠᠶᠢᠨ ᠣᠷᠴᠢᠯᠲᠤ ᠬᠥᠭᠵᠢᠯᠲᠡ ᠶᠢ ᠳᠠᠶᠢᠴᠢᠯᠠᠵᠤ᠂ ︽ᠬᠥᠬᠡᠮᠳᠦᠭ ᠨᠣᠭᠤᠭᠠᠨ ᠠᠭᠤᠯᠠ ᠤᠰᠤ︾ ᠶᠢ ᠦᠨᠡᠨᠬᠦ ︽ᠠᠯᠲᠠᠨ ᠠᠭᠤᠯᠠ ᠮᠥᠩᠭᠦᠨ ᠠᠭᠤᠯᠠ︾ ᠪᠣᠯᠭᠠᠨ ᠬᠤᠪᠢᠷᠠᠭᠤᠯᠤᠨ᠎ᠠ᠃ᠢᠷᠡᠯᠲᠡ᠄ ᠬᠤᠷᠢᠨᠭᠡᠷ ᠰᠢᠶᠠᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠰᠦᠯᠵᠢᠶ᠎ᠡ
 
ᠢᠷᠡᠯᠲᠡ᠄ ᠬᠤᠷᠢᠨᠭᠡᠷ ᠰᠢᠶᠠᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号