ᠴᠠᠭ ᠠᠭᠤᠷ ᠪᠠ ᠪᠡᠶ᠎ᠡ ᠰᠤᠪᠢᠯᠠᠯ
ᠨᠡᠶᠢᠲᠡᠯᠡᠭᠰᠡᠨ ᠴᠠᠭ᠄
2024/1/9
     ᠥᠨᠥᠳᠦᠷ ︽ᠭᠤᠷᠪᠠ ᠶᠢᠰᠦ︾ ᠶᠢᠨ ᠠᠩᠬᠠᠨ ᠤ ᠡᠳᠦᠷ᠃      ᠬᠦᠢᠲᠡᠨ ᠤᠷᠤᠰᠬᠠᠯ ᠤᠨ ᠨᠥᠯᠦᠭᠡ ᠠᠴᠠ ᠪᠣᠯᠵᠤ᠂  ᠥᠪᠤᠷ ᠮᠣᠩᠭᠤᠯ ᠤᠨ ᠪᠠᠷᠠᠭᠤᠨ ᠪᠡᠶ᠎ᠡ ᠶᠢᠨ  ᠵᠡᠭᠦᠨ ᠬᠡᠰᠡᠭ  ᠪᠠ ᠳᠤᠮᠳᠠ ᠪᠡᠶ᠎ᠡ ᠶᠢᠨ ᠵᠡᠭᠦᠨ ᠬᠡᠰᠡᠭ ᠤᠨ ᠠᠭᠠᠷ ᠤᠨ ᠳᠤᠯᠠᠭᠠᠨ4-6℃ ᠳᠣᠷᠤᠭᠰᠢᠯᠠᠨ᠎ᠠ᠃          10 ᠤ ᠡᠳᠦᠷ ᠥᠪᠤᠷ ᠮᠣᠩᠭᠤᠯ ‍ᠤᠨ‌‍ᠰᠢᠯᠢ ᠶᠢᠨ ᠭᠤᠣᠯ  ᠤᠨ ᠵᠡᠭᠦᠨ ᠬᠤᠶᠢᠲᠦ ᠬᠡᠰᠡᠭ᠂ ᠬᠢᠩᠭᠠᠨ ᠤ ᠶᠡᠬᠡᠩᠬᠢ ᠬᠡᠰᠡᠭ᠂ ᠬᠥᠯᠦᠨ  ᠪᠤᠶᠢᠷ ᠤᠨ ᠶᠡᠬᠡᠩᠬᠢ  ᠭᠠᠵᠠᠷ ᠢᠶᠠᠷ 4  ᠂ 5 ᠳᠡᠰ ᠤᠨ ᠰᠠᠯᠬᠢ ᠰᠠᠯᠬᠢᠯᠠᠵᠤ ᠪᠠᠶᠢᠭᠰᠠᠨ ᠢᠶᠠᠨ6  ᠂ 7 ᠳᠡᠰ ᠪᠣᠯᠵᠤ ᠰᠠᠯᠬᠢᠯᠠᠨ᠎ᠠ᠃        ᠤᠯᠠᠮᠵᠢᠯᠠᠯᠲᠤ ᠡᠮᠨᠡᠯᠭᠡ ᠶᠢᠨ ᠦᠵᠡᠯᠲᠡ ᠪᠠᠷ ᠪᠣᠯ  ︽ᠭᠤᠷᠪᠠ ᠶᠢᠰᠦ︾ ᠳᠤ ᠲᠡᠭᠷᠢ ᠬᠠᠮᠤᠭ ᠠᠴᠠ ᠬᠦᠢᠳᠡᠷᠡᠳᠡᠭ ᠪᠣᠯᠬᠤᠷ ᠡᠨᠡ ᠦᠶ᠎ᠡ ᠳᠤ ᠪᠡᠶ᠎ᠡ ᠮᠠᠬᠠᠪᠤᠤᠨ ᠢᠶᠠᠨ ᠴᠢᠬᠢᠷᠠᠭᠵᠢᠭᠤᠯᠬᠤ ᠵᠣᠷᠢᠯᠭ᠎ᠠ ᠪᠠᠷ ᠪᠡᠶ᠎ᠡ ᠳ᠋ᠡᠬᠡᠨ‌‍ᠲ᠋ᠣᠬᠢᠷᠠᠭᠰᠠᠨ ᠵᠣᠬᠢᠰᠲᠡᠢ  ᠢᠳᠡᠭᠡᠨ ᠤᠮᠳᠠᠭᠠᠨ ᠲᠠᠷᠤᠢ ᠬᠠᠯᠠᠭᠤᠨ ᠪᠦᠯᠢᠶᠡᠨ ᠢᠳᠡᠭᠡᠨ ᠢᠶᠠᠷ ᠰᠢᠮ᠎ᠡ ᠲᠠᠮᠢᠷ ᠨᠥᠬᠦᠪᠡᠯ ᠲᠣᠬᠢᠷᠠᠮᠵᠢᠲᠠᠢ ᠪᠠᠶᠢᠳᠠᠭ᠃ ᠵᠢᠱᠢᠶᠡᠯᠡᠪᠡᠯ᠂ ᠬᠤᠨᠢᠨ ᠤ ᠮᠢᠬ᠎ᠠ᠂ ᠲᠠᠬᠢᠶᠠᠨ ᠥᠨᠳᠡᠭᠡ ᠵᠡᠷᠭᠡ ᠮᠢᠬ᠎ᠠ  ᠤᠭᠤᠷᠠᠭ  ᠤᠨ ᠵᠦᠢᠯ᠂ ᠬᠤᠰᠢᠭ᠎ᠠ ᠶᠢᠨ ᠴᠦᠮ᠎ᠡ᠂ ᠴᠢᠪᠠᠭ᠎ᠠ᠂ ᠯᠤᠤ ᠶᠢᠨ ᠨᠢᠳᠦ ᠵᠡᠷᠭᠡ ᠨᠣᠭᠤᠭ᠎ᠠ ᠴᠠᠭ᠎ᠠ  ᠠᠯᠢᠮ᠎ᠠ ᠵᠢᠮᠢᠰ ᠢᠳᠡᠪᠡᠯ ᠵᠣᠬᠢᠨ᠎ᠠ᠃        ᠶᠠᠷᠢᠶᠠᠨ ᠦᠭᠡᠢ ᠬᠦᠮᠦᠨ ᠪᠦᠬᠦᠨ ᠥᠪᠡᠷ ᠤᠨ ᠪᠡᠶ᠎ᠡ ᠮᠠᠬᠠᠪᠤᠤᠨ ᠤᠨ   ᠢᠶᠠᠨ ᠣᠨᠴᠠᠯᠢᠭ ᠪᠠᠶᠢᠳᠠᠯ ᠳᠤ ᠵᠣᠬᠢᠴᠠᠭᠤᠯᠤᠨ ᠲᠣᠬᠢᠷᠠᠬᠤ ᠢᠳᠡᠭᠡᠨ ᠤᠮᠳᠠᠭᠠᠨ ᠢᠶᠠᠨ  ᠰᠣᠩᠭᠤᠵᠤ ᠨᠥᠬᠦᠪᠡᠯ ᠨᠡᠩ ᠰᠠᠶᠢᠨ ᠪᠠᠶᠢᠳᠠᠭ  ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号