ᠥᠪᠥᠷ ᠮᠣᠩᠭᠤᠯ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠭᠴᠢ ᠥᠨᠢᠷ︶ ᠥᠪᠡᠷᠲᠡᠭᠡᠨ ᠵᠠᠰᠠᠬᠤ | ᠣᠷᠣᠨ ᠠᠴᠠ ᠬᠥᠬᠡᠬᠤᠲᠠ ᠶᠢᠨ ᠰᠢᠨ᠎ᠡ ᠨᠢᠰᠬᠡᠯ ᠤᠨ ᠪᠠᠭᠤᠳᠠᠯ ᠤᠨ ᠲᠥᠷᠥᠯ ᠵᠦᠢᠯ ᠤᠨ ᠪᠦᠲᠦᠭᠡᠨ | ᠪᠠᠶᠢᠭᠤᠯᠤᠯᠲᠠ ᠶᠢᠨ ᠤᠷᠤᠭᠰᠢᠲᠠᠢ ᠶᠠᠪᠤᠭᠳᠠᠬᠤ ᠶᠢ ᠪᠠᠲᠤᠯᠠᠬᠤ ᠶᠢᠨ ᠲᠥᠯᠥᠭᠡ ᠣᠳᠣᠬᠠᠨ ᠪᠣᠯᠲᠠᠯ᠎ᠠ ᠨᠢᠭᠡᠨᠲᠡ 49. | 24 ᠳ᠋ᠦᠩᠰᠢᠭᠤᠷ ᠲᠥᠭᠦᠷᠢᠭ ᠤᠨ ᠲᠥᠷᠥᠯ ᠵᠦᠢᠯ ᠪᠡᠯᠡ ᠮᠥᠩᠭᠦ ᠶᠢ ᠪᠠᠭᠤᠯᠭᠠᠭᠰᠠᠨ ᠪᠠᠶᠢᠨ᠎ᠠ᠃ | ᠥᠪᠡᠷᠲᠡᠭᠡᠨ ᠵᠠᠰᠠᠬᠤ ᠣᠷᠣᠨ ᠠᠴᠠ ᠪᠠᠭᠤᠯᠭᠠᠭᠰᠠᠨ ᠲᠥᠷᠥᠯ ᠵᠦᠢᠯ ᠤᠨ ᠪᠡᠯᠡ ᠮᠥᠩᠭᠦ ᠳᠤ | ᠬᠥᠬᠡᠬᠤᠲᠠ ᠶᠢᠨ ᠰᠢᠨ᠎ᠡ ᠨᠢᠰᠬᠡᠯ ᠤᠨ ᠪᠠᠭᠤᠳᠠᠯ ᠤᠨ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ | ᠪᠠᠲᠤᠯᠠᠬᠤ 42.8 ᠳ᠋ᠦᠩᠰᠢᠭᠤᠷ ᠲᠥᠭᠦᠷᠢᠭ ᠤᠨ ᠪᠡᠯᠡ ᠮᠥᠩᠭᠦ᠂ ᠠᠶᠠᠨᠴᠢᠳ ᠤᠨ ᠬᠤᠨᠤᠭ ᠤᠨ ᠥᠷᠲᠡᠭᠡ᠂ | ᠲᠡᠷᠭᠡᠨ ᠵᠣᠭᠰᠣᠭᠠᠯ ᠤᠨ ᠠᠰᠠᠷ᠂ ᠭᠤᠣᠯ ᠪᠤᠰᠤ ᠰᠠᠭᠤᠷᠢᠨ ᠤ ᠠᠶᠠᠯᠠᠯ ᠤᠨ ᠭᠡᠷ ᠪᠠᠶᠢᠰᠢᠩ ᠪᠣᠯᠣᠨ ᠠᠶᠠᠯᠠᠯ ᠤᠨ | ᠥᠷᠲᠡᠭᠡᠨ ᠤ ᠲᠣᠭᠤᠷᠢᠭ ᠤᠨ ᠢᠵᠢ ᠪᠦᠷᠢᠳᠦᠭᠰᠡᠨ ᠭᠡᠷ ᠪᠠᠶᠢᠰᠢᠩ ᠤᠨ ᠪᠦᠲᠦᠭᠡᠨ ᠪᠠᠶᠢᠭᠤᠯᠤᠯᠲᠠ ᠶᠢᠨ 2.2 | ᠳ᠋ᠦᠩᠰᠢᠭᠤᠷ ᠲᠥᠭᠦᠷᠢᠭ ᠤᠨ ᠪᠡᠯᠡ ᠮᠥᠩᠭᠦ᠂ ᠠᠶᠠᠯᠠᠯ ᠤᠨ ᠥᠷᠲᠡᠭᠡᠨ ᠤ ᠠᠰᠠᠷ ᠤᠨ ᠵᠢᠯᠣᠭᠤᠳᠬᠤ ᠬᠤᠩᠭᠢᠯ ᠤᠨ | ᠪᠦᠲᠦᠭᠡᠨ ᠪᠠᠶᠢᠭᠤᠯᠤᠯᠲᠠ ᠪᠠ ᠶᠡᠷᠦᠩᠬᠡᠶᠢᠯᠡᠭᠰᠡᠨ ᠲᠤᠬᠠᠶᠢᠯᠠᠭᠰᠠᠨ ᠠᠵᠢᠯ ᠳᠤ ᠬᠡᠷᠡᠭᠯᠡᠬᠦ ᠭᠡᠷ ᠪᠠᠶᠢᠰᠢᠩ ᠤᠨ ᠲᠥᠷᠥᠯ | ᠵᠦᠢᠯ ᠤᠨ ᠪᠦᠲᠦᠭᠡᠨ ᠪᠠᠶᠢᠭᠤᠯᠤᠯᠲᠠ ᠶᠢᠨ 4.24 ᠳ᠋ᠦᠩᠰᠢᠭᠤᠷ ᠲᠥᠭᠦᠷᠢᠭ ᠤᠨ ᠪᠡᠯᠡ ᠮᠥᠩᠭᠦ ᠪᠠᠭᠲᠠᠵᠠᠢ᠃ | ᠬᠥᠬᠡᠬᠤᠲᠠ ᠶᠢᠨ ᠰᠢᠨ᠎ᠡ ᠨᠢᠰᠬᠡᠯ ᠤᠨ ᠪᠠᠭᠤᠳᠠᠯ ᠤᠨ ᠲᠥᠷᠥᠯ ᠵᠦᠢᠯ ᠪᠣᠯ ᠥᠪᠡᠷᠲᠡᠭᠡᠨ ᠵᠠᠰᠠᠬᠤ ᠣᠷᠣᠨ ᠤ | ︽ᠠᠷᠪᠠᠨ ᠭᠤᠷᠪᠠᠳᠤᠭᠠᠷ ᠲᠠᠪᠤᠨ ᠵᠢᠯ︾ ᠪᠣᠯᠣᠨ ︽ᠠᠷᠪᠠᠨ ᠳᠥᠷᠪᠡᠳᠦᠭᠡᠷ ᠲᠠᠪᠤᠨ ᠵᠢᠯ︾ ᠤᠨ | ᠲᠥᠯᠥᠪᠵᠢᠭᠦᠯᠭᠡ ᠶᠢᠨ ᠭᠤᠣᠯᠳᠠᠯᠭ᠎ᠠ ᠲᠠᠢ ᠪᠦᠲᠦᠭᠡᠨ ᠪᠠᠶᠢᠭᠤᠯᠤᠾ ᠲᠥᠷᠥᠯ ᠵᠦᠢᠯ ᠪᠣᠯᠬᠤ ᠪᠦᠭᠡᠳ ᠪᠠᠰᠠ ᠴᠤ | ᠥᠪᠡᠷᠲᠡᠭᠡᠨ ᠵᠠᠰᠠᠬᠤ ᠣᠷᠣᠨ ᠪᠠ ᠬᠥᠬᠡᠬᠤᠲᠠ ᠶᠢᠨ ᠪᠡᠯᠭᠡ ᠲᠡᠮᠳᠡᠭ ᠤᠨ ᠴᠢᠨᠠᠷᠲᠠᠢ ᠢᠨᠵᠧᠨᠧᠷᠢᠩ ᠪᠠᠶᠢᠵᠤ᠂ | 2020 ᠣᠨ ᠤ 7 ᠰᠠᠷ᠎ᠠ ᠶᠢᠨ 30 ᠤ ᠡᠳᠦᠷ ᠠᠴᠠ ᠪᠠᠷᠢᠯᠭ᠎ᠠ ᠡᠬᠢᠯᠡᠭᠦᠯᠦᠭᠰᠡᠨ ᠪᠠᠶᠢᠨ᠎ᠠ᠃ ᠰᠢᠨ᠎ᠡ ᠨᠢᠰᠬᠡᠯ ᠤᠨ | ᠪᠠᠭᠤᠳᠠᠯ ᠨᠢ ᠬᠥᠬᠡᠬᠤᠲᠠ ᠶᠢᠨ ᠬᠤᠷᠢᠨᠭᠡᠷ ᠰᠢᠶᠠᠨ ᠤ ᠴᠣᠷᠵᠢ ᠠᠶᠢᠯ ᠪᠠᠯᠭᠠᠰᠤ ᠶᠢᠨ ᠶᠡᠭᠡ ᠰᠢᠨ᠎ᠡ ᠠᠶᠢᠯ | ᠲᠣᠰᠬᠤᠨ ᠤ ᠣᠶᠢᠷᠠᠯᠴᠠᠭ᠎ᠠ ᠪᠠᠶᠢᠷᠢᠯᠠᠵᠤ᠂ 4F ᠲᠡᠰ ᠤᠨ ᠣᠯᠠᠨ ᠤᠯᠤᠰ ᠤᠨ ᠭᠤᠣᠯ ᠱᠤᠭᠤᠮ ᠤᠨ ᠨᠢᠰᠬᠡᠯ ᠤᠨ | ᠪᠠᠭᠤᠳᠠᠯ ᠢᠶᠠᠷ ᠲᠣᠭᠲᠠᠭᠠᠭᠳᠠᠵᠤ᠂ ᠤᠯᠤᠰ ᠤᠨ ᠳᠣᠲᠣᠭᠠᠳᠤ ᠶᠢᠨ ᠴᠢᠬᠤᠯᠠ ᠭᠤᠣᠯ ᠱᠤᠭᠤᠮ ᠤᠨ ᠨᠢᠰᠬᠡᠯ ᠤᠨ | ᠪᠠᠭᠤᠳᠠᠯ ᠪᠠ ᠣᠷᠣᠨ ᠪᠦᠰᠡ ᠶᠢᠨ ᠬᠦᠢᠰᠦ ᠨᠢᠰᠬᠡᠯ ᠤᠨ ᠪᠠᠭᠤᠳᠠᠯ ᠪᠣᠯᠣᠨ᠎ᠠ᠃ ᠲᠤᠰ ᠨᠢᠰᠬᠡᠯ ᠤᠨ ᠪᠠᠭᠤᠳᠠᠯ | ᠠᠰᠢᠭᠯᠠᠯᠲᠠ ᠳᠤ ᠣᠷᠣᠭᠰᠠᠨ ᠤ ᠳᠠᠷᠠᠭ᠎ᠠ ᠪᠡᠭᠡᠵᠢᠩ ᠲᠢᠶᠠᠨᠵᠢᠨ ᠾᠧᠪᠧᠢ ᠶᠢᠨ ᠨᠢᠰᠬᠡᠯ ᠤᠨ ᠪᠠᠭᠤᠳᠠᠯ ᠤᠨ | ᠰᠦᠷᠦᠭᠵᠢᠯ ᠤᠨ ᠭᠤᠣᠯ ᠪᠡᠯᠡᠳᠬᠡᠯ ᠨᠢᠰᠬᠡᠯ ᠤᠨ ᠪᠠᠭᠤᠳᠠᠯ ᠪᠣᠯᠵᠤ᠂ ᠢᠷᠡᠭᠡᠳᠦᠢ ᠳᠤ ᠪᠠᠰᠠ ︽ᠨᠢᠭᠡ ᠪᠦᠰᠡ ᠨᠢᠭᠡ | ᠵᠠᠮ︾ ᠤᠨ ᠴᠢᠬᠤᠯᠠ ᠵᠠᠮ ᠬᠠᠷᠢᠯᠴᠠᠭᠠᠨ ᠤ ᠵᠠᠩᠭᠢᠯᠠᠭ᠎ᠠ ᠶᠢᠨ ᠴᠡᠭ ᠪᠣᠯᠵᠤ ᠬᠥᠭᠵᠢᠬᠦ ᠪᠣᠯᠣᠨ᠎ᠠ᠃ | |