ᠮᠣᠳᠣ ᠲᠠᠷᠢᠵᠠᠭᠠᠶ᠎ᠠ︕
ᠨᠡᠶᠢᠲᠡᠯᠡᠭᠰᠡᠨ ᠴᠠᠭ᠄
2024/3/12
     ᠵᠠᠮ ᠤᠨ ᠬᠠᠵᠠᠭᠤ ᠶᠢᠨ ᠲᠣᠭᠤᠰᠣ ᠱᠤᠤᠭᠢᠶᠠᠨ ᠢ ᠨᠠᠮᠵᠢᠭᠤᠯᠬᠤ ᠵᠢᠵᠢᠭ ᠨᠠᠷᠠᠰᠤ᠂  ᠰᠠᠭᠤᠭᠠᠯᠢ ᠲᠣᠭᠤᠷᠢᠭ  ᠤᠨ ᠣᠷᠴᠢᠨ ᠲᠣᠭᠤᠷᠢᠨ ᠢ ᠭᠤᠶᠣᠵᠢᠭᠤᠯᠤᠨ ᠴᠢᠮᠡᠬᠦ ᠭᠦᠢᠯᠡᠰᠦᠨ ᠮᠣᠳᠣ ᠠᠴᠠ ᠠᠪᠤᠭᠠᠳ ᠤᠯᠤᠰ ᠤᠨ ᠠᠮᠢ ᠠᠬᠤᠢ ᠶᠢᠨ ᠤᠮᠠᠷᠠᠲᠤ ᠬᠢᠯᠢ ᠶᠢᠨ ᠬᠠᠯᠬᠠᠪᠴᠢ ᠪᠣᠯᠤᠭᠰᠠᠨ ᠶᠡᠭᠡ ᠬᠢᠩᠭᠠᠨ ᠳᠠᠪᠠᠭ᠎ᠠ ᠶᠢᠨ ᠤᠢ ᠰᠢᠭᠤᠢ᠂  ᠳᠡᠯᠡᠬᠡᠢ  ᠶᠢᠨ ᠠᠭᠤᠰᠬᠢ ᠬᠡᠮᠡᠭᠳᠡᠭᠰᠡᠨ ᠬᠠᠯᠠᠭᠤᠨ ᠪᠦᠰᠡᠨ ᠤ ᠪᠣᠷᠣᠭᠠᠲᠤ ᠤᠢ ᠭᠦᠷᠳᠡᠯ᠎ᠡ ᠮᠣᠳᠣ ᠨᠢᠭᠡᠪᠦᠷᠢ ᠨᠢ ᠬᠥᠮᠥᠨ ᠲᠥᠷᠥᠯᠬᠢᠲᠡᠨ ᠤ ᠠᠮᠢᠳᠤᠷᠠᠯ ᠣᠷᠴᠢᠨ ᠳᠤ ᠠᠴᠢ ᠲᠤᠰᠠ ᠠᠪᠴᠢᠷᠠᠵᠤ᠂ ᠨᠣᠮᠢᠨ ᠨᠣᠭᠤᠭᠠᠨ ᠥᠩᠭᠡ ᠲᠥᠷᠬᠦ ᠪᠠᠷ  ᠢᠶᠠᠨ ᠪᠠᠶᠢᠭᠠᠯᠢ ᠳᠡᠯᠡᠬᠡᠢ ᠶᠢ ᠭᠤᠶᠤᠨ ᠴᠢᠮᠡᠵᠦ ᠪᠠᠶᠢᠳᠠᠭ᠃ ᠪᠢᠳᠡ ᠲᠡᠷᠡ ᠨᠣᠭᠤᠭᠠᠨ ᠦᠩᠭᠡᠨ ᠠᠴᠠ ᠨᠢ ᠠᠮᠢ ᠠᠮᠢᠵᠢᠷᠠᠯ᠂ ᠡᠳ᠋ ᠪᠠᠶᠠᠯᠢᠭ᠂ ᠭᠤᠸ᠎ᠠ ᠰᠠᠶᠢᠬᠠᠨ ᠤ ᠮᠡᠳᠡᠷᠡᠮᠵᠢ ᠶᠢ ᠬᠦᠷᠲᠡᠵᠦ᠂ ᠬᠥᠷᠥᠰᠥᠲᠦ ᠳᠡᠯᠡᠬᠡᠢ ᠳᠤ ᠬᠥᠮᠥᠨ ᠤ ᠨᠡᠶᠢᠭᠡᠮ ᠤᠨ ᠲᠣᠮᠣ ᠮᠣᠳᠣ ᠶᠢ ᠥᠨᠳᠥᠷ ᠠᠴᠠ ᠥᠨᠳᠥᠷ ᠤᠷᠭᠤᠭᠤᠯᠤᠨ ᠲᠥᠯᠵᠢᠭᠦᠯᠵᠦ ᠪᠠᠶᠢᠨ᠎ᠠ᠃      ᠣᠭᠲᠣᠯᠬᠤ ᠶᠢ ᠮᠡᠳᠡᠭᠡᠳ᠂ ᠤᠷᠭᠤᠭᠤᠯᠬᠤ ᠶᠢ ᠮᠡᠳᠡᠬᠦ ᠦᠭᠡᠢ ᠪᠠᠶᠢᠭᠰᠠᠭᠠᠷ ᠣᠷᠴᠢᠨ ᠲᠣᠭᠤᠷᠢᠨ ᠡᠪᠳᠡᠭᠳᠡᠵᠦ᠂ ᠪᠣᠬᠢᠷᠳᠤᠯ ᠭᠠᠳᠠᠭᠰᠢᠯᠠᠭᠤᠯᠤᠯᠲᠠ ᠨᠡᠮᠡᠭᠳᠡᠵᠦ᠂ ᠠᠭᠤᠷ ᠠᠮᠢᠰᠬᠤᠯ ᠬᠤᠪᠢᠷᠠᠬᠤ ᠪᠠᠷ ᠪᠢᠳᠡ ᠰᠠᠶ᠋ᠢ ᠯᠠ ᠤᠢ ᠮᠣᠳᠣᠨ ᠤ ᠰᠠᠶᠢᠨ ᠢ ᠰᠠᠨᠠᠵᠤ᠂  ᠮᠣᠳᠣ ᠲᠠᠷᠢᠬᠤ ᠶᠢ ᠤᠬᠠᠵᠤ ᠣᠯᠳᠠᠭ᠃ ᠲᠠᠷᠢᠵᠤ ᠪᠠᠶᠢᠬᠤ ᠬᠥᠮᠥᠨ ᠪᠠᠶᠢᠯᠭᠦᠢ᠂ ᠵᠣᠬᠢᠶᠠᠨ ᠪᠠᠶᠢᠭᠤᠯᠵᠤ ᠪᠠᠶᠢᠬᠤ ᠬᠥᠮᠥᠨ ᠪᠠᠶᠢᠯᠭᠦᠢ᠂ ᠨᠡᠮᠡᠭᠳᠡᠵᠦ ᠪᠠᠶᠢᠬᠤ ᠪᠠᠶᠢᠯᠭᠦᠢ ᠭᠡᠵᠦ ᠥᠪᠡᠷ ᠢ ᠪᠠᠨ ᠲᠠ ᠲᠠᠶᠢᠳᠬᠤᠷᠠᠭᠤᠯᠵᠤ ᠪᠠᠶᠢᠪᠠ ᠦᠦ︖ ᠮᠣᠳᠣ ᠲᠠᠷᠢᠬᠤ ᠡᠳᠦᠷ ᠭᠡᠵᠦ ᠲᠠ ᠮᠣᠳᠣ ᠲᠠᠷᠢᠵᠤ ᠪᠠᠶᠢᠪᠠ ᠦᠦ︖      ᠬᠡᠷᠪᠡ ᠲᠠᠨ ᠳᠤ ᠨᠢᠭᠡ ᠠᠳᠬᠤ ᠮᠣᠳᠣᠨ ᠤ ᠦᠷ᠎ᠡ ᠥᠭᠪᠡᠯ ᠲᠠ ᠬᠡᠷᠬᠢᠨ ᠬᠢᠬᠦ ᠪᠤᠢ︖ ᠬᠡᠨ ᠤ ᠭᠠᠵᠠᠷ  ᠲᠤ︖ ᠬᠤᠵᠢᠮ ᠬᠡᠨ ᠤ ᠮᠣᠳᠣ ᠪᠤᠯᠬᠤ︖ ᠭᠡᠵᠦ ᠥᠮᠴᠢ ᠬᠥᠷᠥᠩᠭᠡ᠂ ᠣᠯᠵᠠ ᠠᠰᠢᠭ ᠤᠨ ᠲᠤᠬᠠᠢ ᠪᠤᠳᠤᠳᠠᠭ ᠦᠦ︖ ᠡᠰᠡᠪᠡᠯ ᠨᠢᠭᠡ ᠭᠠᠷᠠᠭ ᠬᠡᠳᠦᠨ ᠤᠳᠠᠭ᠎ᠠ ᠤᠰᠤᠯᠠᠵᠤ᠂ ᠬᠡᠳᠦᠨ ᠵᠢᠯ ᠠᠷᠠᠴᠢᠯᠠᠬᠤ ᠲᠤᠬᠠᠢ ᠪᠣᠳᠣᠯᠭᠠᠰᠢᠷᠠᠨ᠎ᠠ ᠦᠦ︖      ᠨᠢᠳᠦᠨ ᠡᠮᠦᠨᠡᠬᠢ ᠠᠰᠢᠭ ᠲᠤᠰᠠ ᠶᠢ ᠲᠣᠭᠤᠷᠢᠵᠤ ᠭᠠᠷᠴᠤ ᠴᠢᠳᠠᠬᠤ ᠦᠭᠡᠢ ᠨᠢ ᠦᠨᠡᠨ᠃ ᠭᠡᠪᠡᠴᠦ ᠲᠡᠷᠡ ᠨᠢᠭᠡ ᠵᠢᠵᠢᠭᠬᠡᠨ ᠦᠷ᠎ᠡ ᠠᠴᠠ ᠤᠷᠭᠤᠭᠰᠠᠨ ᠮᠣᠳᠣ᠂  ᠠᠭᠠᠷ ᠢ ᠴᠡᠯᠮᠡᠭᠵᠢᠭᠦᠯᠵᠤ᠂ ᠬᠥᠷᠥᠰᠥ ᠶᠢ ᠬᠠᠮᠠᠭᠠᠯᠠᠨ᠂ ᠱᠤᠤᠭᠢᠶᠠᠨ ᠢ ᠨᠠᠮᠵᠢᠭᠤᠯᠵᠤ᠂ ᠪᠣᠬᠢᠷᠳᠤᠯ ᠢ ᠠᠷᠢᠯᠭᠠᠨ᠂ ᠣᠷᠴᠢᠨ ᠲᠣᠭᠤᠷᠢᠨ ᠢ ᠭᠤᠸᠠᠵᠢᠭᠤᠯᠬᠤ ᠪᠣᠯ ᠭᠠᠷᠴᠠᠭ᠎ᠠ ᠦᠭᠡᠢ ᠶᠠᠪᠤᠳᠠᠯ ᠪᠣᠯᠣᠨ᠎ᠠ᠃ ᠮᠣᠳᠣ ᠲᠠᠷᠢᠬᠤ ᠨᠢ ᠦᠷ᠎ᠡ ᠠᠰᠢᠭ ᠢᠶᠠᠷ ᠦᠯᠡᠮᠵᠢ  ᠶᠡᠭᠡ ᠭᠡᠳᠡᠭ ᠨᠢ ᠴᠦ ᠡᠷᠡᠭᠡᠯᠵᠡᠭᠡ ᠦᠭᠡᠢ᠃      ᠮᠣᠳᠣᠨ ᠤ ᠦᠷ᠎ᠡ ᠪᠣᠯᠭᠠᠨ ᠬᠦᠰᠡᠯ ᠡᠷᠡᠮᠡᠯᠵᠡᠯ᠂ ᠠᠮᠢ ᠨᠠᠰᠤ᠂ ᠬᠥᠳᠡᠯᠭᠡᠬᠦ ᠬᠦᠴᠦᠨ᠂ ᠪᠠᠶᠠᠷ ᠪᠠᠶᠠᠰᠤᠯ᠂ ᠠᠮᠤᠵᠢᠭᠤᠯᠤᠯ ᠲᠠᠶᠢᠳᠬᠤᠷᠠᠭᠤᠯᠤᠯ ᠠᠪᠴᠢᠷᠠᠵᠤ ᠴᠢᠳᠠᠨ᠎ᠠ᠃ ᠬᠠᠶᠢᠷ᠎ᠠ ᠬᠠᠯᠠᠮᠵᠢ ᠶᠢᠨ ᠬᠦᠴᠦᠨ ᠳᠤ ᠨᠠᠬᠢᠶᠠᠯᠠᠨ ᠰᠣᠶᠣᠭᠠᠯᠠᠵᠤ᠂ ᠦᠨᠳᠦᠰᠦᠯᠡᠨ ᠥᠰᠴᠦ᠂ ᠰᠠᠭᠯᠠᠭᠠᠷ ᠰᠠᠶᠢᠬᠠᠨ ᠰᠠᠯᠠᠭ᠎ᠠ ᠨᠠᠮᠠᠭ᠎ᠠ ᠪᠠᠨ ᠵᠢᠭᠢᠯᠭᠡᠵᠦ᠂ ᠡᠬᠡ ᠪᠠᠶᠢᠭᠠᠯᠢ  ᠶᠢᠨ ᠡᠯᠢᠭᠡᠨ ᠳᠤ ᠰᠠᠯᠬᠢ ᠪᠣᠷᠣᠭᠠᠨ ᠲᠠᠢ ᠨᠥᠬᠦᠷᠯᠡᠨ ᠲᠡᠭᠷᠢ ᠭᠠᠵᠠᠷ ᠢ ᠬᠤᠯᠪᠣᠳᠠᠭ ᠰᠠᠨ᠃      ᠰᠢᠪᠠᠭᠤᠳ ᠡᠭᠦᠷᠯᠡᠨ ᠬᠤᠷᠭᠤᠳᠠᠬᠤ ᠰᠠᠭᠯᠠᠭᠠᠷ ᠮᠣᠳᠣ ᠲᠠᠷᠢᠶ᠎ᠠ᠂  ᠰᠢᠭᠤᠷᠭ᠎ᠠ ᠰᠠᠯᠬᠢᠨ ᠢ ᠬᠠᠯᠬᠠᠯᠠᠬᠤ ᠨᠥᠮᠥᠷᠢ ᠲᠠᠢ ᠮᠣᠳᠣ ᠲᠠᠷᠢᠶ᠎ᠠ᠂ ᠬᠠᠯᠠᠭᠤᠨ ᠨᠠᠷᠠᠨ ᠳᠤ ᠰᠡᠷᠢᠭᠦᠴᠡᠬᠦ ᠰᠡᠭᠦᠳᠡᠷ ᠲᠠᠢ ᠮᠣᠳᠣ ᠵᠠᠶᠢᠯᠠᠶ᠎ᠠ᠂ ᠬᠠᠵᠠᠭᠤ ᠪᠡᠯ  ᠢ ᠬᠠᠮᠠᠭᠠᠯᠠᠬᠤ ᠬᠠᠶᠢᠯᠠᠰᠤᠨ ᠮᠣᠳᠣ ᠵᠠᠶᠢᠯᠠᠶ᠎ᠠ᠂ ᠥᠨᠳᠥᠷ ᠠᠰᠠᠷ ᠤᠨ ᠬᠤᠭᠤᠷᠣᠨᠳᠤ ᠦᠵᠡᠮᠵᠢ ᠶᠢᠨ ᠮᠣᠳᠣ ᠲᠠᠷᠢᠶ᠎ᠠ᠂ ᠥᠷᠭᠡᠨ ᠵᠠᠮ ᠤᠨ ᠬᠠᠵᠠᠭᠤ ᠳᠤ ᠡᠩᠨᠡᠷᠡᠭᠰᠡᠨ ᠮᠣᠳᠣ ᠲᠠᠷᠢᠶ᠎ᠠ᠂ ᠠᠭᠤᠯᠠ ᠲᠣᠯᠣᠭᠠᠳ ᠢᠶᠠᠨ ᠬᠤᠴᠢᠬᠤ ᠤᠢ ᠮᠣᠳᠣ ᠲᠠᠷᠢᠶ᠎ᠠ᠂ ᠠᠭᠤᠳᠠᠮ ᠲᠠᠯ᠎ᠠ ᠪᠠᠨ ᠰᠠᠬᠢᠬᠤ ᠤᠯᠢᠶᠠᠰᠤᠨ ᠮᠣᠳᠣ ᠲᠠᠷᠢᠶ᠎ᠠ᠂  ᠤᠯᠠᠨ ᠠᠴᠠ ᠤᠷᠢᠲᠠᠵᠤ ᠴᠡᠴᠡᠭᠯᠡᠬᠦ ᠭᠦᠢᠯᠡᠰᠦᠨ ᠮᠣᠳᠣ ᠲᠠᠷᠢᠶ᠎ᠠ᠂ ᠲᠦᠮᠡᠨ ᠤᠯᠠᠨ ᠳᠠᠭᠠᠨ ᠱᠠᠭᠰᠢᠭᠳᠠᠭᠰᠠᠨ ᠲᠣᠣᠷᠠᠢ ᠶᠢᠨ ᠮᠣᠳᠣ ᠲᠠᠷᠢᠶ᠎ᠠ᠃      ᠲᠠᠨ ᠤ ᠳᠠᠷᠢᠭᠰᠠᠨ ᠮᠣᠳᠣ ᠬᠠᠪᠢᠷᠭ᠎ᠠ ᠨᠡᠪᠲᠡᠯᠬᠦ ᠬᠠᠪᠤᠷ ᠤᠨ ᠰᠠᠯᠬᠢᠨ ᠳᠤ ᠬᠥᠷᠥᠰᠥ ᠪᠠᠨ ᠬᠠᠮᠠᠭᠠᠯᠠᠨ ᠬᠦᠯᠦᠭᠯᠡᠨ᠎ᠡ᠃  ᠵᠤᠨ ᠤ ᠬᠠᠯᠠᠭᠤᠨ ᠳᠤ ᠰᠡᠷᠢᠭᠦᠨ ᠠᠮᠢᠰᠬᠤᠯ ᠪᠡᠯᠡᠭᠯᠡᠨ ᠪᠣᠷᠣᠭᠠᠨ ᠰᠠᠯᠬᠢᠨ ᠠᠴᠠ ᠰᠦᠷᠳᠡᠬᠦ ᠦᠭᠡᠢ ᠰᠡᠪᠡᠯᠵᠡᠨ᠎ᠡ᠃ ᠨᠠᠮᠤᠷ ᠤᠨ ᠰᠡᠷᠢᠭᠦᠨ ᠣᠷᠣᠬᠤ ᠪᠠᠷ ᠤᠯᠠᠭᠠᠨ ᠰᠢᠷ᠎ᠠ᠂ ᠤᠯᠠᠪᠤᠷ ᠰᠢᠷ᠎ᠠ᠂ ᠨᠣᠭᠤᠭᠠᠨ ᠬᠥᠬᠡ ᠡᠯᠳᠡᠪ ᠥᠩᠭᠡ ᠪᠠᠷ ᠠᠭᠤᠯᠠ ᠲᠠᠯ᠎ᠠ ᠪᠠᠨ ᠴᠢᠮᠡᠵᠦ ᠭᠠᠷᠤᠨ᠎ᠠ᠃ ᠡᠪᠦᠯ ᠪᠣᠯᠵᠤ ᠮᠥᠰᠥ ᠴᠠᠰᠤ ᠬᠤᠴᠠᠬᠤ ᠪᠠᠷ ᠰᠠᠭᠰᠤᠷᠭ᠎ᠠ  ᠶᠢᠨ ᠰᠠᠶᠢᠬᠠᠨ ᠦᠵᠡᠮᠵᠢ ᠪᠠᠷ ᠰᠡᠬᠦᠶᠢᠨ ᠰᠤᠭᠤᠶᠢᠵᠤ ᠬᠠᠷᠠᠭᠳᠠᠨ᠎ᠠ᠃ ᠡᠬᠡ ᠪᠠᠶᠢᠭᠠᠯᠢ ᠶᠢᠨ ᠵᠢᠮ ᠵᠢᠷᠤᠮ ᠢ ᠳᠠᠭᠠᠵᠤ᠂ ᠥᠯᠥᠭᠡᠢ ᠨᠤᠲᠤᠭ ᠤᠨ ᠥᠷᠥᠴᠡᠨ ᠳᠤ ᠲᠠᠨ ᠤ ᠠᠷᠠᠴᠢᠯᠠᠭ᠎ᠠ ᠪᠠᠷ ᠤᠷᠭᠤᠭᠰᠠᠨ ᠲᠡᠷᠡ ᠮᠣᠳᠣ  ᠥᠭᠡᠳᠡ ᠲᠠᠲᠠᠵᠤ ᠪᠠᠶᠢᠭ᠎ᠠ ᠰᠢᠭ᠋ ᠥᠨᠳᠥᠷ ᠠᠴᠠ ᠥᠨᠳᠥᠷ ᠤᠷᠭᠤᠵᠤ᠂ ᠪᠠᠶᠢᠳᠠᠭ ᠪᠦᠭᠦ ᠦᠢᠯᠡᠳᠦᠯ ᠴᠢᠳᠠᠯ ᠢᠶᠠᠨ ᠬᠥᠮᠥᠨ ᠪᠠᠶᠢᠭᠠᠯᠢ ᠳᠤ ᠬᠠᠷᠠᠮ ᠦᠭᠡᠢ ᠬᠠᠶᠢᠷᠠᠯᠠᠵᠤ ᠥᠭᠬᠦ ᠪᠣᠯᠣᠨ᠎ᠠ᠃      ᠤᠯᠠᠨ ᠢᠶᠠᠷ ᠢᠶᠠᠨ ᠮᠣᠳᠣ ᠲᠠᠷᠢᠵᠠᠭᠠᠶ᠎ᠠ︕
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号