ᠴᠠᠭᠠᠨ ᠲᠡᠮᠡᠭᠡᠨ ᠤ ᠨᠢᠭᠤᠴᠠ
ᠨᠡᠶᠢᠲᠡᠯᠡᠭᠰᠡᠨ ᠴᠠᠭ᠄
2024/3/5
     ᠮᠠᠨ ᠤ ᠡᠪᠦᠭᠡ ᠳᠡᠭᠡᠳᠦᠰ ᠶᠡᠭᠡ ᠠᠵᠢᠭᠴᠢ ᠭᠢᠷᠠᠬᠠᠢ ᠤᠯᠤᠰ ᠶᠤᠮ᠃ ᠤᠯᠠᠨ ᠵᠠᠭᠤᠨ ᠵᠢᠯ ᠤᠨ ᠲᠤᠷᠰᠢ ᠠᠮᠢᠳᠤᠷᠠᠯ ᠢᠶᠠᠷ ᠰᠢᠯᠭᠠᠭᠳᠠᠭᠰᠠᠨ ᠪᠦᠭᠦᠨ ᠢᠶᠠᠨ ᠲᠤᠮᠤᠭ ᠲᠡᠦᠬᠡ ᠪᠤᠯᠭᠠᠵᠤ᠂ ᠬᠤᠶᠢᠴᠢ ᠦᠶ᠎ᠡ ᠳᠡᠭᠡᠨ ᠦᠯᠡᠳᠡᠭᠡᠳᠡᠭ ᠤᠯᠠᠮᠵᠢᠯᠠᠯ ᠲᠠᠢ᠃ ᠲᠡᠭᠦᠨ ᠤ ᠨᠢᠭᠡ ᠨᠢ ᠴᠠᠭᠠᠨ ᠢᠮᠠᠭ᠎ᠠ᠂ ᠴᠠᠭᠠᠨ ᠭᠡᠭᠦᠦ᠂ ᠴᠠᠭᠠᠨ ᠲᠡᠮᠡᠭᠡᠨ ᠤ ᠲᠤᠬᠠᠢ ᠠᠵᠢᠭᠯᠠᠯᠲᠠ ᠶᠤᠮ᠃      ᠶᠠᠭᠤᠨ ᠤ ᠡᠮᠦᠨ᠎ᠡ ᠲᠠᠶᠢᠯᠪᠤᠷᠢᠯᠠᠬᠤ ᠳᠤ ᠴᠠᠭᠠᠨ ᠵᠢᠰᠦᠮ ᠲᠠᠢ ᠮᠠᠯ ᠶᠡᠷᠦ ᠨᠢ ᠲᠡᠶᠢᠮᠦ ᠤᠯᠠᠨ ᠪᠢᠰᠢ᠃ ᠴᠠᠭᠠᠨ ᠮᠠᠯ ᠳᠤ ᠲᠡᠳᠦᠢ ᠯᠡ ᠳᠤᠷᠠᠲᠠᠢ ᠪᠢᠰᠢ ᠪᠠᠶᠢᠳᠠᠭ ᠴᠦ ᠴᠠᠭᠠᠨ ᠮᠠᠯ ᠢ ᠶᠡᠬᠡᠳᠡ ᠡᠷᠭᠢᠮᠯᠡᠳᠡᠭ ᠪᠢᠯᠡ᠃      ᠴᠠᠭᠠᠨ ᠵᠢᠰᠦᠮ ᠤᠨ ᠮᠠᠯ ᠡᠪᠦᠯ ᠤᠨ ᠬᠦᠢᠲᠡᠨ ᠳᠤ ᠲᠡᠰᠪᠦᠷᠢ ᠲᠡᠪᠴᠢᠶᠡᠷᠢ ᠪᠠᠷ ᠮᠠᠭᠤ᠂ ᠲᠠᠭᠠᠷᠠᠵᠤ ᠪᠡᠭᠡᠷᠡᠬᠦ  ᠨᠢ ᠠᠮᠠᠷᠬᠠᠨ ᠪᠠᠶᠢᠳᠠᠭ ᠨᠢ ᠦᠨᠡᠨ ᠲᠠᠢ᠂ ᠭᠡᠪᠡᠴᠦ ᠴᠠᠭᠠᠨ ᠵᠢᠰᠦᠮ ᠤᠨ ᠮᠠᠯ ᠢ ᠡᠷᠬᠢᠮᠯᠡᠵᠦ ᠳᠡᠭᠡᠳᠦᠯᠡᠬᠦ ᠨᠢ ᠱᠠᠰᠢᠨ ᠰᠢᠲᠦᠯᠭᠡ᠂ ᠪᠡᠯᠭᠡ ᠳᠡᠮᠪᠡᠷᠢᠯ ᠲᠠᠢ ᠨᠢᠭᠲᠠ ᠤᠯᠪᠠᠭ᠎ᠠ ᠬᠡᠯᠬᠢᠶᠡᠲᠡᠢ ᠵᠦᠢᠯ ᠤᠨ ᠨᠢᠭᠡ ᠮᠥᠨ᠃ ᠵᠢᠱᠢᠶᠡᠯᠡᠬᠦ ᠳᠤ᠂ ᠪᠡᠯᠡᠭ ᠬᠦᠷᠭᠡᠬᠦ ᠳᠡᠭᠡᠨ ᠴᠠᠭᠠᠨ ᠮᠣᠷᠢ᠂ ᠴᠠᠭᠠᠨ ᠲᠡᠮᠡᠭᠡ ᠶᠢᠨ ᠪᠡᠯᠡᠭ ᠬᠦᠷᠭᠡᠬᠦ ᠶᠣᠰᠣ ᠪᠠᠶᠢᠳᠠᠭ᠃ ᠪᠠᠰᠠ ᠴᠠᠭᠠᠨ ᠲᠡᠮᠡᠭᠡ ᠶᠢ ᠣᠩᠭᠤᠯᠠᠵᠤ᠂ ᠰᠡᠲᠡᠷᠯᠡᠳᠡᠭ ᠶᠠᠪᠤᠳᠠᠯ ᠪᠤᠢ᠃ ᠡᠳᠡᠭᠡᠷ ᠪᠦᠭᠦᠨ ᠨᠢ ᠪᠢᠳᠡᠨ ᠤ ᠴᠠᠭᠠᠨ ᠥᠩᠭᠡ ᠶᠢ ᠰᠦ ᠰᠢᠭ ᠠᠷᠢᠭᠤᠨ ᠲᠤᠩᠭᠠᠯᠠᠭ ᠰᠡᠳᠬᠢᠯ ᠤᠨ ᠢᠯᠡᠷᠬᠡᠶᠢᠯᠡᠯ ᠭᠡᠵᠦ ᠦᠵᠡᠳᠡᠭ ᠲᠠᠢ ᠤᠶᠠᠯᠳᠤᠭ᠎ᠠ ᠬᠤᠯᠪᠤᠭ᠎ᠠ ᠲᠠᠢ ᠭᠡᠵᠦ ᠦᠵᠡᠨ᠎ᠡ᠃ ᠴᠠᠭᠠᠨ ᠲᠡᠮᠡᠭᠡ᠂ ᠴᠠᠭᠠᠨ ᠢᠮᠠᠭᠠᠨ ᠤ ᠦᠰᠦ ᠨᠣᠣᠯᠣᠭᠤᠷ ᠢᠶᠠᠷ ᠬᠠᠮᠤᠭ ᠤᠨ ᠭᠤᠶᠤ ᠴᠢᠨᠠᠷᠯᠢᠭ ᠬᠤᠪᠴᠠᠰᠤ ᠬᠢᠳᠡᠭ ᠤᠴᠢᠷ ᠦᠨ᠎ᠡ ᠪᠡᠨ᠎ᠡ ᠲᠠᠢ ᠪᠦᠲᠦᠭᠡᠭᠳᠡᠬᠦᠨ ᠪᠤᠯᠬᠤ ᠶᠤᠮ᠃      ᠡᠭᠦᠨ ᠠᠴᠠ ᠭᠠᠳᠠᠨ᠎ᠠ ᠪᠢᠳᠡ ᠨᠠᠷ ᠴᠠᠭᠠᠨ ᠵᠢᠰᠦᠮ ᠤᠨ ᠮᠠᠯ ᠤᠨ ᠢᠶᠠᠨ ᠨᠢᠭᠡᠨ ᠥᠪᠡᠷᠮᠢᠴᠡ ᠴᠢᠨᠠᠷ ᠢ ᠠᠰᠢᠭᠯᠠᠵᠤ ᠮᠡᠳᠡᠭᠰᠡᠨ ᠪᠠᠶᠢᠨ᠎ᠠ᠃ ᠬᠠᠷ᠎ᠠ᠂ ᠪᠣᠷᠣ᠂ ᠬᠦᠷᠡᠩ᠂ ᠤᠯᠠᠭᠠᠨ᠂ ᠪᠤᠰᠤᠳ ᠵᠢᠰᠦᠮ ᠠᠴᠠ ᠢᠯᠭᠠᠭ᠎ᠠ ᠲᠠᠢ ᠨᠢᠭᠤᠴᠠ ᠤᠪᠠᠳᠢᠰ ᠴᠠᠭᠠᠨ ᠵᠢᠰᠦᠮ ᠤᠨ ᠮᠠᠯ ᠳᠤ ᠪᠠᠶᠢᠳᠠᠭ᠃ ᠬᠥᠮᠥᠰ ᠠᠯᠢᠪᠠ ᠡᠪᠡᠳᠴᠢᠨ ᠢ ᠠᠨᠠᠭᠠᠬᠤ ᠳᠤ ᠴᠠᠭᠠᠨ ᠵᠢᠰᠦᠮ ᠲᠠᠢ ᠮᠠᠯ ᠤᠨ ᠰᠦ ᠤᠨᠴᠠᠭᠠᠢ ᠰᠠᠶᠢᠨ ᠪᠤᠯᠬᠤ ᠶᠢ ᠲᠡᠦᠬᠡᠨ ᠲᠤᠷᠰᠢᠯᠭ᠎ᠠ ᠪᠠᠷ ᠢᠶᠠᠨ ᠪᠠᠲᠤᠯᠠᠵᠠᠢ᠃ ᠵᠢᠱᠢᠶᠡᠯᠡᠬᠦ ᠳᠤ᠂ ᠥᠩᠭᠡᠷᠡᠭᠰᠡᠨ ᠲᠡᠦᠬᠡᠨ ᠳᠤ ᠬᠠᠭᠠᠨ ᠡᠵᠡᠨ ᠪᠡᠲᠡᠭᠢ ᠡᠪᠡᠳᠴᠢᠨ ᠲᠠᠢ ᠪᠣᠯᠤᠭᠰᠠᠨ ᠳᠤ᠂ ᠡᠨᠡ ᠡᠪᠡᠳᠴᠢᠨ ᠢ ᠴᠠᠭᠠᠨ ᠲᠡᠮᠡᠭᠡᠨ ᠤ ᠰᠦ ᠪᠠᠷ ᠭᠤᠷᠪᠠᠨ ᠮᠥᠩᠭᠦᠨ ᠠᠶᠠᠭ᠎ᠠ ᠴᠤᠭᠤᠷᠠᠲᠠᠯ᠎ᠠ ᠢᠯᠢᠵᠦ ᠡᠮᠨᠡᠪᠡ᠃ ᠢᠩᠭᠢᠵᠦ ᠡᠮᠨᠡᠭᠰᠡᠨ ᠳᠤ ᠵᠠᠮᠠᠭ ᠮᠡᠲᠦ ᠲᠤᠯᠤᠭᠠᠨ ᠬᠡᠰᠡᠭ ᠡᠪᠡᠳᠴᠢᠨ ᠤᠨᠠᠵᠤ ᠰᠠᠶᠢᠨ ᠪᠣᠯᠪᠠ ᠭᠡᠰᠡᠨ ᠲᠤᠮᠤᠭ ᠦᠯᠢᠭᠡᠷ ᠰᠢᠭ ᠤᠴᠢᠷ ᠰᠤᠷᠪᠤᠯᠵᠢ ᠪᠢᠴᠢᠭ ᠲᠤ ᠥᠭᠦᠯᠡᠭᠰᠡᠨ ᠪᠠᠶᠢᠳᠠᠭ᠃      ᠪᠠᠰᠠ ᠬᠠᠭᠠᠨ ᠡᠵᠡᠨ ᠶᠡᠷᠡ ᠶᠢᠰᠦᠨ ᠴᠠᠭᠠᠨ ᠭᠡᠭᠦᠦ ᠶᠢᠨ ᠴᠡᠭᠡ ᠤᠤᠭᠤᠳᠠᠭ ᠲᠤᠬᠠᠢ ᠮᠡᠳᠡᠭᠡ ᠪᠠᠶᠢᠳᠠᠭ᠃ ᠴᠠᠭᠠᠨ ᠢᠮᠠᠭᠠᠨ ᠤ ᠰᠦ ᠪᠠᠷ ᠰᠤᠯᠠᠳᠠᠭ᠎ᠠ ᠶᠠᠳᠠᠷᠠᠭ᠎ᠠ ᠠᠴᠠ ᠡᠬᠢᠯᠡᠭᠡᠳ ᠡᠯᠢᠭᠡ ᠰᠥᠰᠥᠨ ᠤ ᠡᠪᠡᠳᠴᠢᠨ ᠢ ᠢᠯᠠᠷᠢᠰᠢᠭᠤᠯᠵᠤ᠂ ᠴᠠᠭᠠᠨ ᠭᠡᠭᠦᠦ ᠶᠢᠨ ᠰᠦ ᠠᠭᠤᠰᠬᠢ᠂ ᠶᠠᠰᠤᠨ ᠤ ᠰᠦᠷᠢᠶ᠎ᠡ ᠡᠪᠡᠳᠴᠢᠨ ᠢ ᠡᠳᠡᠭᠡᠭᠡᠬᠦ ᠮᠠᠷᠭᠤᠰᠢ ᠦᠭᠡᠢ ᠤᠪᠠᠳᠢᠰ ᠲᠠᠢ ᠭᠡᠳᠡᠭ᠃      ᠡᠨᠡ ᠪᠦᠭᠦᠨ ᠢ ᠶᠠᠭᠤᠨ ᠤ ᠤᠴᠢᠷ ᠲᠤ ᠢᠩᠭᠢᠵᠦ ᠬᠡᠯᠡᠳᠡᠭ ᠪᠤᠢ︖ ᠭᠡᠪᠡᠯ᠂ ᠴᠠᠭᠠᠨ ᠵᠢᠰᠦᠮ ᠲᠠᠢ ᠮᠠᠯ ᠨᠠᠷᠠᠨ ᠤ ᠭᠡᠷᠡᠯ ᠢ ᠬᠡᠷᠬᠢᠨ ᠣᠶᠢᠯᠠᠭᠠᠵᠤ᠂ ᠬᠡᠷᠬᠢᠨ ᠰᠢᠩᠭᠡᠭᠡᠳᠡᠭ᠂ ᠨᠠᠷᠠᠨ ᠤ ᠰᠠᠴᠤᠷᠠᠭ ᠴᠠᠭᠠᠨ ᠵᠢᠰᠦᠮ ᠲᠠᠢ ᠮᠠᠯ ᠳᠤ ᠬᠡᠷᠬᠢᠨ ᠨᠥᠯᠥᠭᠡᠯᠡᠳᠡᠭ᠂ ᠲᠡᠭᠦᠨ ᠤ ᠢᠯᠴᠢ ᠲᠤᠶᠠᠭᠠᠨ ᠳᠤ ᠮᠠᠯ ᠤᠨ ᠮᠢᠬ᠎ᠠ ᠰᠦ ᠶᠢᠨ ᠤᠭᠤᠷᠠᠭ᠂ ᠢᠯᠴᠢᠯᠢᠭ ᠬᠡᠷᠬᠢᠨ ᠥᠭᠡᠷᠡᠴᠢᠯᠡᠭᠳᠡᠳᠡᠭ ᠭᠡᠬᠦ ᠮᠡᠲᠦ ᠶᠢᠨ ᠤᠯᠠᠨ ᠠᠰᠠᠭᠤᠯᠳᠠ ᠳᠤᠷᠠᠳᠤᠭᠳᠠᠬᠤ ᠪᠣᠯᠣᠨ᠎ᠠ᠃ ᠣᠳᠣᠬᠠᠨ ᠳᠠᠭᠠᠨ ᠰᠢᠨᠵᠢᠯᠡᠬᠦ ᠤᠬᠠᠭᠠᠨ ᠡᠨᠡ ᠠᠰᠠᠭᠤᠯᠳᠠ ᠳᠤ ᠬᠠᠷᠢᠭᠤᠯᠲᠠ ᠥᠭᠴᠦ ᠴᠢᠳᠠᠭ᠎ᠠ ᠦᠭᠡᠢ ᠪᠠᠶᠢᠬ᠎ᠠ ᠭᠡᠵᠦ ᠪᠤᠳᠤᠵᠤ ᠪᠠᠶᠢᠨ᠎ᠠ᠃ ᠤᠤᠯ ᠨᠢᠭᠤᠴᠠ ᠶᠢ ᠨᠡᠭᠡᠭᠡᠪᠡᠰᠦ ᠬᠥᠮᠥᠨ ᠲᠥᠷᠥᠯᠬᠢᠲᠡᠨ ᠤ ᠡᠷᠡᠭᠦᠯ ᠰᠠᠷᠠᠭᠤᠯ ᠠᠮᠢᠳᠤᠷᠠᠵᠤ ᠤᠷᠳᠦ ᠨᠠᠰᠤᠯᠠᠬᠤ ᠳᠤ ᠨᠢᠭᠡᠨ ᠭᠠᠶᠢᠬᠠᠮᠰᠢᠭ ᠤᠨ ᠣᠨᠢᠰᠤᠨ ᠤ ᠲᠦᠯᠬᠢᠭᠦᠷ ᠢ ᠣᠯᠬᠤ ᠪᠠᠶᠢᠬ᠎ᠠ᠃︵ᠮ᠊· ᠡᠷᠳᠡᠨᠢᠰᠤᠪᠤᠳ ᠤᠨ ᠵᠣᠬᠢᠶᠠᠵᠤ ᠨᠠᠶᠢᠷᠠᠭᠤᠯᠤᠭᠰᠠᠨ ︽ᠠᠯᠲᠠᠨ ᠪᠤᠶᠢᠯᠡ︾ ᠨᠣᠮ ᠠᠴᠠ ᠰᠣᠩᠭᠤᠪᠠ︶
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号