2024 ᠣᠨ ᠤ ᠥᠪᠥᠷ ᠮᠣᠩᠭᠤᠯ ᠤᠨ ᠬᠤᠷᠢᠨᠭᠡᠷ ᠤᠨ ᠠᠷᠪᠠᠨ ᠲᠠᠪᠤᠳᠤᠭᠠᠷ ᠬᠤᠭᠤᠴᠠᠭᠠᠨ ᠤ ᠴᠠᠨ᠎ᠠ ᠴᠡᠴᠡᠭ ᠤᠨ ᠰᠣᠶᠣᠯ ᠵᠢᠭᠤᠯᠴᠢᠯᠠᠯ ᠤᠨ ᠨᠠᠶᠢᠷ 5 ᠰᠠᠷ᠎ᠠ ᠶᠢᠨ 31 ᠤ ᠡᠳᠦᠷ ᠡᠬᠢᠯᠡᠨ᠎ᠡ︕
ᠨᠡᠶᠢᠲᠡᠯᠡᠭᠰᠡᠨ ᠴᠠᠭ᠄
2024/5/29
     5 ᠰᠠᠷ᠎ᠠ ᠶᠢᠨ 22 ᠤᠨ ᠡᠳᠦᠷ᠂ ᠰᠤᠷᠪᠤᠯᠵᠢᠯᠠᠭᠴᠢ 2024 ᠣᠨ ᠤ ᠥᠪᠥᠷ ᠮᠣᠩᠭᠤᠯ ᠤᠨ ᠬᠤᠷᠢᠨᠭᠡᠷ  ᠤᠨ ᠠᠷᠪᠠᠨ ᠲᠠᠪᠤᠳᠤᠭᠠᠷ ᠬᠤᠭᠤᠴᠠᠭᠠᠨ ᠤ ᠴᠠᠨ᠎ᠠ ᠴᠡᠴᠡᠭ ᠤᠨ ᠰᠣᠶᠣᠯ ᠵᠢᠭᠤᠯᠴᠢᠯᠠᠯ ᠤᠨ ᠨᠠᠶᠢᠷ ᠤᠨ ᠰᠣᠨᠢᠨ ᠮᠡᠳᠡᠭᠡᠨ ᠤ ᠮᠡᠳᠡᠭᠡᠯᠡᠯ ᠤᠨ ᠬᠤᠷᠠᠯ ᠠᠴᠠ ᠣᠶᠢᠯᠠᠭᠠᠭᠰᠠᠨ ᠢᠶᠠᠷ᠂ 2024 ᠣᠨ ᠳᠤ ᠥᠪᠥᠷ ᠮᠣᠩᠭᠤᠯ ᠤᠨ ᠬᠤᠷᠢᠨᠭᠡᠷ ᠠᠷᠪᠠᠨ ᠲᠠᠪᠤᠳᠤᠭᠠᠷ ᠬᠤᠭᠤᠴᠠᠭᠠᠨ ᠤ ᠴᠠᠨ᠎ᠠ ᠴᠡᠴᠡᠭ ᠤᠨ ᠰᠣᠶᠣᠯ ᠵᠢᠭᠤᠯᠴᠢᠯᠠᠯ ᠤᠨ ᠨᠠᠶᠢᠷ 5 ᠰᠠᠷ᠎ᠠ ᠶᠢᠨ 31 ᠤ ᠡᠳᠦᠷ ᠠᠴᠠ 6 ᠰᠠᠷ᠎ᠠ ᠶᠢᠨ 10 ᠤ ᠡᠳᠦᠷ ᠪᠣᠯᠲᠠᠯ᠎ᠠ ᠬᠤᠷᠢᠨᠭᠡᠷ ᠰᠢᠶᠠᠨ ᠳᠤ ᠶᠠᠪᠤᠭᠳᠠᠨ᠎ᠠ᠃ ᠲᠣᠰ ᠬᠤᠭᠤᠴᠠᠭᠠᠨ ᠤ ᠴᠠᠨ᠎ᠠ ᠴᠡᠴᠡᠭ ᠤᠨ ᠰᠣᠶᠣᠯ ᠵᠢᠭᠤᠯᠴᠢᠯᠠᠯ ᠤᠨ ᠨᠠᠶᠢᠷ 5 ᠰᠠᠷ᠎ᠠ ᠶᠢᠨ 31 ᠤ ᠡᠳᠦᠷ ᠬᠤᠷᠢᠨᠭᠡᠷ ᠰᠢᠶᠠᠨ ᠤ ᠨᠠᠨ ᠱᠠᠨ ᠵᠢᠭᠤᠯᠴᠢᠯᠠᠯ ᠤᠨ ᠦᠵᠡᠮᠵᠢ ᠶᠢᠨ ᠣᠷᠣᠨ ᠳᠤ ᠡᠬᠢᠯᠡᠬᠦ ᠪᠣᠯᠣᠨ᠎ᠠ᠃      ᠲᠣᠰ ᠬᠤᠭᠤᠴᠠᠭᠠᠨ ᠤ ᠴᠠᠨ᠎ᠠ ᠴᠡᠴᠡᠭ ᠤᠨ ᠰᠣᠶᠣᠯ ᠵᠢᠭᠤᠯᠴᠢᠯᠠᠯ ᠤᠨ ᠨᠠᠶᠢᠷ ᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠤᠷᠢᠨᠭᠡᠷ ᠰᠢᠶᠠᠨ ᠤ ᠬᠤᠷᠢᠶ᠎ᠠ᠂ ᠬᠤᠷᠢᠨᠭᠡᠷ ᠰᠢᠶᠠᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠯᠠᠨ ᠡᠷᠭᠢᠯᠡᠵᠦ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠤᠷᠢᠨᠭᠡᠷ ᠰᠢᠶᠠᠨ ᠤ ᠬᠤᠷᠢᠶᠠᠨ ᠤ ᠤᠬᠠᠭᠤᠯᠬᠤ ᠬᠡᠯᠲᠡᠰ᠂ ᠬᠤᠷᠢᠨᠭᠡᠷ ᠰᠢᠶᠠᠨ ᠤ ᠰᠣᠶᠣᠯ ᠵᠢᠭᠤᠯᠴᠢᠯᠠᠯ ᠪᠡᠶ᠎ᠡ ᠶᠢᠨ ᠲᠠᠮᠢᠷ ᠤᠨ ᠲᠣᠪᠴᠢᠶ᠎ᠠ ᠳᠠᠭᠠᠭᠠᠴᠢᠯᠠᠨ ᠡᠷᠭᠢᠯᠡᠵᠦ᠂ ᠮᠧᠩ ᠨᠢᠤ ᠪᠦᠯᠦᠭᠯᠡᠯ ᠠᠴᠠ ᠬᠠᠮᠵᠢᠯᠴᠠᠨ ᠡᠷᠭᠢᠯᠡᠪᠡ᠃ ᠠᠵᠢᠯᠯᠠᠭ᠎ᠠ ᠨᠢ ︽ᠤᠮᠠᠷᠠᠲᠤ ᠬᠢᠯᠢ ᠶᠢᠨ ᠱᠧᠩ ᠯᠧ   ᠴᠡᠴᠡᠭᠲᠦ ᠬᠤᠷᠢᠨᠭᠡᠷ︾ ᠢᠶᠠᠷ ᠭᠤᠣᠯ ᠰᠡᠳᠦᠪ ᠪᠣᠯᠭᠠᠵᠤ᠂ ᠴᠡᠴᠡᠭ ᠰᠣᠨᠢᠷᠬᠠᠬᠤ ᠠᠵᠢᠯᠯᠠᠭ᠎ᠠ ᠪᠠᠷ ᠭᠤᠣᠯ ᠰᠢᠵᠢᠮ ᠪᠣᠯᠭᠠᠵᠤ᠂ ᠤᠷᠠᠨ ᠰᠠᠶᠢᠬᠠᠨ ᠤ ᠲᠣᠭᠯᠠᠯᠲᠠ᠂ ᠰᠣᠶᠣᠯ ᠤᠨ ᠰᠣᠯᠢᠯᠴᠠᠭ᠎ᠠ᠂ ᠲᠦᠷᠦᠯ ᠲᠡᠮᠳᠡᠭᠲᠦ ᠶᠢ ᠳᠡᠯᠭᠡᠷᠡᠭᠦᠯᠬᠦ᠂ ᠪᠡᠶ᠎ᠡ ᠶᠢᠨ ᠲᠠᠮᠢᠷ ᠤᠨ ᠪᠡᠶ᠎ᠡ ᠴᠢᠭᠢᠷᠠᠭᠵᠢᠭᠤᠯᠤᠯᠲᠠ᠂ ᠢᠳᠡᠵᠦ ᠤᠤᠭᠤᠬᠤ ᠵᠤᠭ᠎ᠠ ᠴᠡᠩᠭᠡᠯ ᠵᠡᠷᠭᠡ ᠤᠯᠠᠨ ᠬᠦᠷᠢᠶ᠎ᠡ ᠶᠢ ᠬᠠᠮᠤᠷᠪᠠ᠃ ᠴᠠᠨ᠎ᠠ ᠴᠡᠴᠡᠭ ᠤᠨ ᠰᠣᠶᠣᠯ ᠵᠢᠭᠤᠯᠴᠢᠯᠠᠯ ᠤᠨ ᠨᠠᠶᠢᠷ ᠤᠨ ᠬᠤᠭᠤᠴᠠᠭᠠᠨ ᠳᠤ ᠱᠠᠨ ᠰᠢ᠂ ᠡᠯ ᠷᠧᠨ ᠲᠠᠢ ᠵᠦᠴᠦᠭᠡ᠂ ᠲᠣᠮᠣ ᠬᠡᠯᠪᠡᠷᠢ ᠶᠢᠨ ᠪᠣᠳᠠᠲᠤ ᠦᠵᠡᠭᠳᠡᠯᠲᠦ ᠵᠦᠴᠦᠭᠡ᠂ ᠬᠥᠳᠡᠭᠡ ᠲᠣᠰᠬᠤᠨ ᠤ ᠠᠷᠠᠳ ᠤᠨ ᠳᠠᠭᠤᠤ ᠬᠥᠭᠵᠢᠮ ᠤᠨ ᠦᠳᠡᠰᠢᠯᠡᠭᠡ ᠵᠡᠷᠭᠡ ᠲᠤᠰᠬᠠᠶ ᠲᠣᠭᠯᠠᠯᠲᠠ ᠶᠢ ᠲᠣᠬᠢᠷᠠᠭᠤᠯᠵᠤ᠂ ᠵᠤᠭᠠᠴᠠᠭᠰᠠᠳ ᠪᠠ ᠣᠯᠠᠨ ᠲᠦᠮᠡᠨ ᠳᠤ ᠠᠯᠢ ᠣᠯᠠᠨ ᠥᠨᠳᠥᠷ ᠬᠢᠷᠢ ᠲᠦᠪᠰᠢᠨ ᠪᠦᠬᠦᠢ ᠤᠷᠠᠯᠢᠭ ᠤᠨ ᠦᠪᠡᠳᠡᠭᠰᠢ ᠨᠠᠶᠢᠷ ᠢ ᠬᠦᠷᠭᠡᠪᠡ᠃ ᠡᠭᠦᠨ ᠠᠴᠠ ᠭᠠᠳᠠᠨ᠎ᠠ᠂ ᠪᠠᠰᠠ ᠤᠷᠤᠰᠬᠠᠯ ᠬᠠᠨᠳᠤᠯᠭᠠᠲᠤ ᠴᠤᠭᠯᠠᠭ᠎ᠠ ᠮᠠᠶᠢᠮᠠᠶ᠂ ᠨᠠᠷᠠᠲᠤ ᠲᠡᠮᠳᠡᠭᠲᠦ ᠶᠢ ᠬᠤᠯᠪᠣᠭᠠᠯᠠᠨ ᠳᠡᠯᠭᠡᠷᠡᠭᠦᠯᠬᠦ᠂ ᠪᠣᠳᠠᠰ ᠤᠨ ᠪᠤᠰᠤ ᠰᠣᠶᠣᠯ ᠤᠨ ᠥᠪ ᠢ ᠤᠯᠠᠮᠵᠢᠯᠠᠨ ᠳᠡᠯᠭᠡᠨ ᠦᠵᠡᠭᠦᠯᠬᠦ ᠵᠡᠷᠭᠡ ᠠᠵᠢᠯᠯᠠᠭ᠎ᠠ ᠶᠢ ᠨᠠᠷᠢᠨ ᠨᠢᠮᠪᠠᠶ ᠥᠷᠨᠢᠭᠦᠯᠵᠦ᠂ ᠥᠷᠭᠡᠨ ᠣᠯᠠᠨ ᠵᠤᠭᠠᠴᠠᠭᠰᠠᠳ ︽ᠬᠤᠷᠢᠨᠭᠡᠷ ᠮᠧᠩ ᠰᠢᠶᠠᠨ︾ ᠨᠠᠷᠠᠲᠤ ᠲᠡᠮᠳᠡᠭᠲᠦ ᠶᠢᠨ ᠲᠤᠭ ᠤᠨ ᠳᠣᠤᠷᠠᠬᠢ ᠣᠨᠴᠠᠯᠢᠭᠲᠤ ᠠᠮᠲᠠᠲᠤ ᠢᠳᠡᠭᠡᠨ ᠢ ᠠᠮᠲᠠᠯᠠᠵᠤ ᠪᠣᠯᠤᠨ᠎ᠠ᠂ ᠪᠠᠰᠠ ᠭᠤᠯᠢᠷ ᠪᠠᠷᠢᠴᠠ᠂ ᠴᠠᠭᠠᠰᠤᠨ ᠬᠠᠶᠢᠴᠢᠯᠠᠮᠠᠯ ᠵᠡᠷᠭᠡ ᠬᠤᠷᠢᠨᠭᠡᠷ  ᠤᠨ ᠪᠣᠳᠠᠰ ᠤᠨ ᠪᠤᠰᠤ ᠰᠣᠶᠣᠯ ᠤᠨ ᠡᠭᠦᠳᠦᠯᠲᠡ ᠶᠢᠨ ᠪᠦᠲᠦᠭᠡᠭᠳᠡᠬᠦᠨ ᠢ ᠰᠣᠨᠢᠷᠬᠠᠬᠤ ᠪᠤᠶᠤ ᠬᠤᠳᠠᠯᠳᠤᠨ ᠠᠪᠴᠤ ᠪᠣᠯᠤᠨ᠎ᠠ᠂ ᠬᠤᠷᠢᠨᠭᠡᠷ ᠤᠨ ᠲᠦᠷᠥ ᠨᠢ ᠲᠦᠪᠰᠢᠨ ᠲᠦᠮᠡᠨ ᠨᠢ ᠨᠠᠶᠢᠷᠠᠮᠳᠠᠭᠤ ᠰᠠᠶᠢᠨ ᠰᠠᠶᠢᠬᠠᠨ ᠠᠭᠤᠷ ᠠᠮᠢᠰᠬᠤᠯ ᠢ ᠮᠡᠳᠡᠷᠡᠵᠦ᠂ ᠡᠶ᠎ᠡ ᠨᠠᠶᠢᠷᠲᠠᠶ ᠬᠤᠭᠤᠷᠣᠨᠳᠣ ᠪᠠᠨ ᠨᠥᠬᠦᠷᠰᠡᠭ ᠠᠮᠢᠳᠤᠷᠠᠯ ᠤᠨ ᠦᠩᠭᠡ ᠠᠮᠲᠠ ᠶᠢ ᠡᠳ᠋ᠯᠡᠵᠦ ᠪᠣᠯᠣᠨ᠎ᠠ      ᠲᠤᠰ ᠬᠤᠭᠤᠴᠠᠭᠠᠨ ᠤ ᠴᠠᠨ᠎ᠠ ᠴᠡᠴᠡᠭ ᠤᠨ ᠰᠣᠶᠣᠯ ᠵᠢᠭᠤᠯᠴᠢᠯᠠᠯ ᠤᠨ ᠨᠠᠢᠷ ᠨᠢ ᠬᠤᠶᠠᠷ ᠶᠡᠭᠡ ᠰᠢᠨ᠎ᠡ ᠬᠤᠪᠢᠷᠠᠯᠲᠠ ᠲᠠᠢ᠃ ᠨᠢᠭᠡ ᠳᠤ᠂ ᠴᠠᠨ᠎ᠠ ᠴᠡᠴᠡᠭ ᠤᠨ ᠲᠠᠷᠢᠮᠠᠯ ᠤᠨ ᠬᠡᠪᠴᠢᠶ᠎ᠡ ᠶᠢ ᠥᠷᠭᠡᠳᠬᠡᠨ ︽ᠪᠠᠶᠠᠵᠢᠯ ᠤᠨ ᠴᠡᠴᠡᠭ︾ ᠭᠠᠷᠭᠠᠪᠠ᠃ ᠡᠨᠡ ᠵᠢᠯ ᠤᠨ ᠨᠠᠨ ᠱᠠᠨ ᠤ ᠵᠢᠭᠤᠯᠴᠢᠯᠠᠯ ᠤᠨ ᠦᠵᠡᠮᠵᠢ ᠶᠢᠨ ᠣᠷᠣᠨ ᠤᠤᠯ ᠤᠨ ᠰᠠᠭᠤᠷᠢᠨ ᠳᠡᠭᠡᠷ᠎ᠡ ᠳᠡᠰ ᠳᠡᠪᠰᠢᠵᠦ᠂ ᠴᠠᠨ᠎ᠠ ᠴᠡᠴᠡᠭ ᠤᠨ ᠶᠡᠷᠦᠩᠬᠡᠢ ᠲᠠᠷᠢᠬᠤ ᠲᠠᠯᠠᠪᠠᠢ ᠨᠢ 1080 ᠭᠠᠷᠤᠢ ᠮᠦ ᠳᠤ ᠬᠦᠷᠴᠦ᠂ ᠤᠤᠯ ᠤᠨ 120 ᠭᠠᠷᠤᠢ ᠴᠠᠨ᠎ᠠ ᠴᠡᠴᠡᠭ ᠤᠨ ᠲᠥᠷᠥᠯ ᠵᠦᠢᠯ ᠢ ᠰᠢᠨ᠎ᠡ ᠪᠠᠷ ᠣᠷᠣᠭᠤᠯᠵᠤ᠂ ᠤᠯᠤᠰ ᠤᠨ ᠳᠣᠲᠣᠭᠠᠳᠤ ᠭᠠᠳᠠᠭᠠᠳᠤ ᠶᠢᠨ ᠰᠢᠨ᠎ᠡ ᠰᠣᠷᠭᠤᠭ ᠴᠡᠴᠡᠭ ᠤᠨ ᠲᠥᠷᠥᠯ ᠵᠦᠢᠯ ᠢ 9 ᠣᠷᠣᠭᠤᠯᠤᠨ ᠠᠪᠴᠢᠷᠠᠵᠤ᠂ ᠵᠢᠯ ᠳᠤ 5 ᠰᠠᠷ᠎ᠠ ᠶᠢᠨ ᠰᠡᠭᠦᠯᠴᠢ ᠠᠴᠠ 6 ᠰᠠᠷ᠎ᠠ ᠶᠢᠨ ᠰᠡᠭᠦᠯᠴᠢ ᠪᠣᠯᠲᠠᠯ᠎ᠠ᠂ ᠴᠠᠨ᠎ᠠ ᠴᠡᠴᠡᠭ ᠳᠡᠯᠭᠡᠨ ᠦᠵᠡᠭᠦᠯᠵᠦ᠂ ᠬᠠᠮᠤᠭ ᠰᠠᠶᠢᠨ ᠴᠠᠨ᠎ᠠ ᠴᠡᠴᠡᠭ ᠤᠨ ᠴᠡᠴᠡᠭ ᠰᠣᠨᠢᠷᠬᠠᠬᠤ ᠴᠠᠭ ᠦᠶ᠎ᠡ ᠪᠣᠯᠤᠨ᠎ᠠ᠂ ᠨᠠᠨ ᠱᠠᠨ ᠦᠵᠡᠮᠵᠢ ᠶᠢᠨ ᠣᠷᠣᠨ ᠨᠢ ᠭᠤᠷᠪᠠᠨ ᠣᠶᠤᠨᠴᠢ ᠬᠥᠯᠡᠮᠵᠢ ᠶᠢᠨ ᠴᠡᠴᠡᠭ ᠰᠣᠨᠢᠷᠬᠠᠬᠤ᠂ ᠬᠤᠳᠠᠯᠳᠤᠨ ᠠᠪᠬᠤ᠂ ᠵᠢᠷᠤᠭ ᠠᠪᠴᠤ ᠰᠡᠭᠦᠳᠡᠷ ᠦᠯᠡᠳᠡᠭᠡᠬᠦ ᠵᠡᠷᠭᠡ ᠪᠡᠶᠡᠳᠡᠨ ᠣᠶᠢᠯᠠᠭᠠᠬᠤ ᠣᠯᠠᠨ ᠴᠢᠳᠠᠪᠬᠢᠲᠤ ᠵᠦᠢᠯ ᠢ ᠲᠣᠬᠢᠷᠠᠭᠤᠯᠣᠭᠰᠠᠨ ᠪᠠᠶᠢᠨ᠎ᠠ᠃ ᠴᠠᠨ᠎ᠠ ᠴᠡᠴᠡᠭ ᠤᠨ ᠵᠠᠬ᠎ᠠ ᠳᠡᠯᠭᠡᠭᠦᠷ ᠤᠨ ᠰᠢᠨ᠎ᠡ ᠪᠠᠷ ᠬᠥᠭᠵᠢᠭᠰᠡᠨ ᠬᠤᠸᠠᠷ ᠴᠡᠴᠡᠭ ᠪᠣᠯᠬᠤ ᠶᠢ ᠳᠠᠭᠠᠯᠳᠤᠨ᠂ ᠵᠠᠬ᠎ᠠ ᠳᠡᠯᠭᠡᠭᠦᠷ ᠤᠨ ᠢᠷᠡᠭᠡᠳᠦᠢ ᠥᠷᠭᠡᠨ ᠠᠭᠤᠳᠠᠮ᠂ ᠪᠣᠯᠪᠠᠰᠤᠷᠠᠩᠭᠤᠢ ᠪᠣᠯᠤᠭᠰᠠᠨ ᠤ ᠳᠠᠷᠠᠭᠠᠬᠢ ᠴᠠᠨ᠎ᠠ ᠴᠡᠴᠡᠭ ᠤᠨ ᠦᠨᠳᠦᠰᠦ ᠨᠢ ᠴᠦ ᠨᠢᠭᠡᠨ ᠤᠯᠠᠮᠵᠢᠯᠠᠯᠲᠤ ᠬᠢᠲᠠᠳ ᠡᠮ ᠤᠨ ᠮᠠᠲ᠋ᠧᠷᠢᠶᠠᠯ ᠪᠣᠯᠵᠤ᠂ ᠬᠤᠷᠢᠨᠭᠡᠷ ᠰᠢᠶᠠᠨ ᠨᠢ ᠴᠠᠨ᠎ᠠ ᠴᠡᠴᠡᠭ ᠤᠨ ᠠᠵᠤ ᠦᠢᠯᠡᠰ ᠤᠨ ᠬᠥᠭᠵᠢᠯᠲᠡ ᠶᠢ ᠢᠳᠡᠪᠬᠢᠲᠡᠢ ᠬᠠᠶᠢᠨ ᠰᠦᠪᠡᠭᠴᠢᠯᠡᠵᠦ᠂ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠰᠠᠭᠤᠷᠢᠨ ᠳᠡᠭᠡᠷ᠎ᠡ ᠨᠡᠩ ᠰᠠᠶᠢᠨ ᠠᠵᠤ ᠠᠬᠤᠢ ᠶᠢᠨ ᠦᠷ᠎ᠡ ᠠᠰᠢᠭ ᠣᠯᠬᠤ ᠪᠣᠯᠤᠨ᠎ᠠ᠃      ᠬᠤᠶᠠᠷ ᠲᠤ᠂ ︽ᠤᠷᠤᠰᠬᠠᠯ ᠬᠠᠨᠳᠣᠯᠭᠠᠲᠤ ᠰᠣᠶᠣᠯ ᠵᠢᠭᠤᠯᠴᠢᠯᠠᠯ︾ ᠰᠢᠨ᠎ᠡ ᠭᠠᠯ ᠳᠦᠷᠡᠯᠵᠡᠪᠡ᠃ ᠡᠨᠡ ᠵᠢᠯ ᠤᠨ ᠴᠠᠨ᠎ᠠ ᠴᠡᠴᠡᠭ ᠤᠨ ᠰᠣᠶᠣᠯ ᠵᠢᠭᠤᠯᠴᠢᠯᠠᠯ ᠤᠨ ᠨᠠᠶᠢᠷ ᠤᠨ ᠪᠦᠬᠦᠯᠢ ᠴᠣᠭᠴᠠ ᠶᠢᠨ ᠠᠵᠢᠯᠯᠠᠭ᠎ᠠ ᠨᠢ ︽ᠤᠯᠤᠰ ᠤᠨ ᠣᠷᠣᠰᠬᠠᠯ︾ ︽ᠡᠷᠲᠡᠨ ᠤ ᠬᠡᠪ ᠨᠠᠮᠪᠠ︾ ᠳᠤ ᠠᠩᠬᠠᠷᠤᠯ ᠢᠶᠠᠨ ᠲᠥᠪᠯᠡᠷᠡᠭᠦᠯᠵᠦ᠂ ᠭᠦᠨ ᠵᠣᠵᠠᠭᠠᠨ ᠡᠷᠲᠡᠨ ᠤ ᠬᠡᠪ ᠨᠠᠮᠪᠠ ᠶᠢ ᠪᠣᠢ ᠪᠣᠯᠭᠠᠵᠤ᠂ ᠳᠤᠮᠳᠠᠳᠤ ᠤᠯᠤᠰ ᠤᠨ ᠤᠯᠠᠮᠵᠢᠯᠠᠯᠲᠤ ᠬᠡ ᠤᠭᠠᠯᠵᠠ ᠪᠠᠷ ᠠᠷᠤ ᠦᠵᠡᠭᠳᠡᠯ ᠪᠣᠯᠭᠠᠵᠤ᠂ ᠤᠯᠠᠮᠵᠢᠯᠠᠯᠲᠤ ᠰᠣᠶᠣᠯ ᠤᠨ ᠵᠢᠷᠤᠭ ᠲᠥᠯᠥᠪᠯᠡᠭᠡ ᠶᠢᠨ ᠡᠯᠧᠮᠧᠨ᠋ᠲ ᠲᠠᠢ ᠤᠶᠠᠯᠳᠤᠭᠤᠯᠤᠨ᠂ ᠵᠢᠭᠠᠰᠤ ᠯᠤᠤ ᠶᠢᠨ ᠪᠥᠵᠢᠭ᠂ ᠴᠠᠨ᠎ᠠ ᠴᠡᠴᠡᠭ ᠵᠡᠷᠭᠡ ᠤᠯᠠᠮᠵᠢᠯᠠᠯᠲᠤ ᠪᠥᠵᠢᠭ ᠲᠣᠭᠯᠠᠵᠤ᠂ ᠪᠠᠰᠠ ᠣᠯᠠᠨ ᠵᠠᠭᠤᠴᠢᠲᠤ ᠳᠠᠭᠤᠤ ᠪᠥᠵᠢᠭ᠂ ᠪᠦᠲᠦᠭᠡᠯᠴᠢ ᠼᠢᠷᠺ᠂ ᠥᠨᠳᠥᠷ ᠣᠭᠲᠠᠷᠭᠤᠢ ᠶᠢᠨ ᠭᠠᠷᠠᠬᠠᠨ ᠳᠡᠭᠦᠵᠢᠩ᠂ ᠣᠭᠲᠠᠷᠭᠤᠢ ᠶᠢᠨ ᠳᠡᠭᠦᠵᠢᠯᠡᠭᠦᠷ ᠵᠡᠷᠭᠡ ᠲᠣᠭᠯᠠᠯᠲᠠ ᠶᠢ ᠨᠡᠮᠡᠭᠳᠡᠭᠦᠯᠵᠦ᠂ ᠬᠤᠷᠢᠨᠭᠡᠷ ᠰᠢᠶᠠᠨ ᠤ ᠭᠦᠨ ᠵᠤᠵᠠᠭᠠᠨ ᠲᠡᠦᠬᠡ ᠰᠣᠶᠣᠯ ᠤᠨ ᠠᠭᠤᠯᠭ᠎ᠠ ᠶᠢ ᠭᠦᠢᠴᠡᠳ ᠠᠭᠤᠳᠠᠯᠵᠤ᠂ ᠦᠵᠡᠭᠴᠢᠳ ᠢ ᠨᠡᠩ ᠣᠯᠠᠨ ᠡᠰᠢᠲᠦ ᠤᠷᠠᠯᠢᠭ ᠤᠨ ᠢᠯᠡᠷᠡᠭᠦᠯᠬᠦ ᠬᠡᠯᠪᠡᠷᠢ ᠶᠢ ᠰᠠᠶᠢᠲᠤᠷ ᠠᠭᠤᠳᠠᠯᠵᠤ᠂ ᠥᠷᠭᠡᠨ ᠣᠯᠠᠨ ᠵᠣᠭᠠᠴᠠᠭᠰᠠᠳ ᠢ ᠦᠵᠡᠭᠴᠢᠳ ᠢ ᠲᠣᠭᠯᠠᠯᠲᠠ ᠳᠤ ᠣᠷᠣᠯᠴᠠᠭᠰᠠᠳ ᠪᠠ ᠲᠣᠭᠯᠠᠭᠴᠢ ᠪᠣᠯᠭᠠᠵᠤ᠂ ᠡᠷᠲᠡᠨ ᠤ ᠥᠩᠭᠡ ᠭᠢᠯ ᠲᠠᠢ ᠤᠯᠤᠰ ᠤᠨ ᠬᠡᠪ ᠨᠠᠮᠪᠠ ᠲᠠᠢ ᠳᠡᠯᠡᠬᠡᠢ ᠳᠤ ᠰᠣᠭᠲᠣᠭᠤᠷᠠᠬᠤ ᠪᠣᠯᠣᠨ᠎ᠠ᠃ ᠢᠷᠡᠭᠡᠳᠦᠶ ᠳᠤ ᠴᠠᠨ᠎ᠠ ᠴᠡᠴᠡᠭ ᠨᠠᠶᠢᠷ ᠤᠨ ᠠᠵᠢᠯᠯᠠᠭ᠎ᠠ ᠶᠢᠨ ᠲᠣᠭᠤᠷᠢᠨ ᠳᠤ᠂ ︽ᠤᠯᠤᠰ ᠤᠨ ᠤᠷᠤᠰᠬᠠᠯ ᠬᠠᠨᠳᠣᠯᠭᠠᠲᠤ︾ ᠶᠢᠨ IP ᠢ ᠦᠷᠭᠦᠯᠵᠢᠯᠡᠨ ᠡᠭᠦᠳᠴᠦ᠂ ᠬᠤᠷᠢᠨᠭᠡᠷ  ᠤᠨ ᠤᠨᠴᠠᠯᠢᠭᠳᠤ ᠰᠣᠶᠣᠯ ᠵᠢᠭᠤᠯᠴᠢᠯᠠᠯ ᠤᠨ ᠨᠠᠷᠠᠲᠤ ᠲᠡᠮᠳᠡᠭᠲᠦ ᠶᠢ ᠲᠠᠰᠤᠷᠠᠯᠲᠠ ᠥᠬᠡᠶ ᠭᠡᠷᠡᠯᠲᠦᠭᠦᠯᠦᠨ᠎ᠡ᠃      ᠬᠤᠷᠢᠨᠭᠡᠷ ᠰᠢᠶᠠᠨ ᠤ ᠬᠢᠨ ᠬᠠᠮ ᠵᠢᠭᠤᠯᠴᠢᠯᠠᠯ ᠤᠨ ᠬᠥᠭᠵᠢᠯᠲᠡ ᠶᠢᠨ ᠪᠠᠶᠢᠷᠢᠰᠢᠯ ᠢ ᠪᠠᠶᠢᠭᠤᠯᠬᠤ ᠪᠠᠷ ᠭᠤᠣᠯᠳᠠᠭᠤᠯᠵᠤ᠂ ᠤᠯᠤᠰ ᠤᠨ ᠳᠣᠲᠣᠭᠠᠳᠤ ᠶᠢᠨ ᠨᠡᠷᠡᠳᠦ ᠵᠢᠭᠤᠯᠴᠢᠯᠠᠯ ᠤᠨ ᠭᠠᠵᠠᠷ ᠢ ᠪᠤᠢ ᠪᠣᠯᠭᠠᠵᠤ᠂ ᠴᠠᠨ᠎ᠠ ᠴᠡᠴᠡᠭ ᠤᠨ ᠨᠠᠶᠢᠷ ᠤᠨ ᠬᠤᠭᠤᠴᠠᠭᠠᠨ ᠳᠤ ᠪᠦᠬᠦ ᠰᠢᠶᠠᠨ ᠤ ᠵᠢᠭᠤᠯᠴᠢᠯᠠᠯ ᠤᠨ ᠡᠬᠢ ᠪᠠᠶᠠᠯᠢᠭ ᠪᠠ ᠵᠢᠭᠤᠯᠴᠢᠯᠠᠯ ᠤᠨ ᠵᠠᠮ ᠱᠤᠭᠤᠮ ᠢ ᠰᠢᠯᠢᠳᠡᠭᠵᠢᠭᠦᠯᠦᠨ ᠨᠡᠶᠢᠳᠬᠡᠵᠦ᠂ ᠲᠡᠦᠬᠡ ᠰᠣᠶᠣᠯ ᠤᠨ ᠵᠢᠭᠤᠯᠴᠢᠯᠠᠯ᠂ ᠠᠭᠤᠯᠠ ᠤᠰᠤᠨ ᠤ ᠠᠮᠢ ᠠᠬᠤᠢ ᠶᠢᠨ ᠵᠢᠭᠤᠯᠴᠢᠯᠠᠯ᠂ ᠲᠠᠷᠢᠶᠠᠯᠠᠩ ᠤᠨ ᠰᠡᠯᠡᠭᠦᠴᠡᠯ ᠤᠨ ᠵᠢᠭᠤᠯᠴᠢᠯᠠᠯ᠂ ᠪᠡᠶ᠎ᠡ ᠶᠢᠨ ᠲᠠᠮᠢᠷ ᠤᠨ ᠪᠡᠶ᠎ᠡ ᠴᠢᠭᠢᠷᠠᠭᠵᠢᠭᠤᠯᠬᠤ ᠵᠢᠭᠤᠯᠴᠢᠯᠠᠯ᠂ ᠠᠵᠤ ᠦᠢᠯᠡᠳᠪᠦᠷᠢ ᠶᠢᠨ ᠰᠠᠭᠤᠷᠢᠨ ᠭᠠᠵᠠᠷ ᠤᠨ ᠵᠢᠭᠤᠯᠴᠢᠯᠠᠯ᠂ ᠬᠡᠭᠡᠷ᠎ᠡ ᠪᠠᠭᠤᠳᠠᠯᠯᠠᠬᠤ ᠵᠢᠭᠤᠯᠴᠢᠯᠠᠯ ᠵᠡᠷᠭᠡ ᠤᠯᠠᠨ ᠶᠠᠩᠵᠤ ᠶᠢᠨ ᠵᠢᠭᠤᠯᠴᠢᠯᠠᠯ ᠤᠨ ᠪᠦᠲᠦᠭᠡᠭᠳᠡᠬᠦᠨ ᠢ ᠵᠤᠭᠠᠴᠠᠭᠰᠠᠳ ᠲᠤ ᠬᠠᠩᠭᠠᠭᠠᠯᠭᠠᠪᠠ᠃ ᠵᠤᠭᠠᠴᠠᠭᠰᠠᠳ ᠴᠠᠨ᠎ᠠ ᠴᠡᠴᠡᠭ ᠰᠣᠨᠢᠷᠬᠠᠬᠤ ᠶᠢᠨ ᠬᠠᠮᠲᠤ ᠪᠠᠰᠠ ᠮᠧᠩ ᠨᠢᠦ ᠠᠵᠤ ᠦᠢᠯᠡᠳᠪᠦᠷᠢ ᠶᠢᠨ ᠬᠦᠷᠢᠶᠡᠯᠡᠩ ︵AAAA︶᠂ ᠣᠣ ᠸᠧᠢ ᠠᠳᠤᠭᠤᠨ ᠤ ᠰᠣᠶᠣᠯ ᠤᠨ ᠠᠵᠤ ᠦᠢᠯᠡᠰ ᠤᠨ ᠬᠦᠷᠢᠶᠡᠯᠡᠩ ︵AAAA︶᠂ ᠮᠧᠩ ᠼᠤᠤ · ᠼᠤᠤ ᠪᠥᠸᠧ ᠶᠤᠸᠠᠨ ︵AAA︶᠂ ᠪᠣᠭᠤᠮᠲᠠ ᠶᠢᠨ ᠭᠠᠳᠠᠨᠠᠬᠢ ᠲᠤᠭᠤᠷ ᠤᠨ ᠬᠦᠷᠢᠶᠡᠯᠡᠩ ᠤᠨ ᠠᠮᠢ ᠠᠬᠤᠢ ᠶᠢᠨ ᠵᠢᠭᠤᠯᠴᠢᠯᠠᠯ ᠤᠨ ᠣᠷᠣᠨ ︵AAA︶᠂ ᠱᠧᠩ ᠯᠧ ᠮᠦᠽᠧᠢ ︵AAA︶᠂ ᠴᠢᠶᠠᠨ ᠶᠣᠣ ᠽᠢ ᠤᠰᠤᠨ ᠴᠥᠭᠦᠷᠥᠮ ᠵᠡᠷᠭᠡ ᠦᠵᠡᠮᠵᠢ ᠶᠢᠨ ᠣᠷᠣᠨ ᠤ ᠦᠵᠡᠮᠵᠢ ᠶᠢᠨ ᠭᠠᠵᠠᠷ ᠲᠤ ᠬᠦᠷᠴᠦ ᠲᠣᠭᠤᠷᠢᠨ ᠦᠵᠡᠵᠦ ᠵᠢᠭᠤᠯᠴᠢᠯᠠᠵᠤ ᠪᠣᠯᠣᠨ᠎ᠠ᠃      ︽ᠴᠠᠨ᠎ᠠ ᠴᠡᠴᠡᠭ ᠬᠦᠷᠢᠶᠡᠯᠡᠩ ᠳᠦᠭᠦᠷᠡᠩ ᠳᠡᠯᠭᠡᠷᠡᠵᠦ᠂ ᠵᠦᠢᠯ ᠤᠨ ᠴᠡᠴᠡᠭ ᠦᠩᠭᠡ ᠪᠣᠯᠢᠶᠠᠯᠳᠤᠨ ᠲᠠᠨ ᠢ  ᠪᠠᠨ ᠬᠦᠯᠢᠶᠡᠨ᠎ᠡ︾ ᠵᠤᠨ ᠤ ᠡᠬᠢᠨ ᠤ ᠪᠠᠶᠠᠷ ᠤᠨ ᠠᠶᠢᠵᠠᠮ ᠲᠠᠢ ᠲᠠᠭᠠᠷᠠᠯᠳᠣᠵᠤ᠂ ᠬᠤᠷᠢᠨᠭᠡᠷ ᠤᠨ ᠨᠠᠨ ᠱᠠᠨ ᠵᠢᠭᠤᠯᠴᠢᠯᠠᠯ ᠤᠨ ᠦᠵᠡᠮᠵᠢ ᠶᠢᠨ ᠣᠷᠣᠨ ᠳᠤ ᠪᠣᠯᠵᠣᠵᠤ᠂ ᠦᠵᠡᠰᠭᠦᠯᠡᠩᠲᠦ ᠬᠤᠷᠢᠨᠭᠡᠷ ᠬᠤᠯᠠ ᠶᠢᠨ ᠵᠣᠴᠢᠨ ᠨᠢᠭᠡᠪᠦᠷᠢ ᠶᠢ ᠬᠥᠰᠡᠷᠳᠡᠭᠦᠯᠬᠦ ᠦᠭᠡᠢ ᠶᠤᠮ᠃ᠢᠷᠡᠯᠲᠡ᠄ ᠬᠤᠷᠢᠨᠭᠡᠷ ᠰᠢᠶᠠᠨ ᠤ ︽ᠪᠠᠭ᠋ᠠᠷᠤᠯᠲᠤ ᠬᠤᠷᠢᠨᠭᠡᠷ︾ ᠸᠢᠴᠠᠲ ᠶᠢᠨ ᠨᠡᠶᠢᠲᠡ ᠶᠢᠨ ᠳ᠋ᠤᠭᠠᠷ
 
ᠢᠷᠡᠯᠲᠡ᠄ ᠬᠤᠷᠢᠨᠭᠡᠷ ᠰᠢᠶᠠᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号