ᠮᠠᠨ ᠤ ᠣᠷᠣᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ︽ᠪᠦᠰᠡᠯᠡᠯᠲᠡ ᠰᠢᠪᠲᠤᠯᠬᠤ︾ ᠴᠡᠭ ᠪᠠᠶᠢᠷᠢ ᠶᠢᠨ 31 ᠲᠥᠷᠥᠯ ᠵᠦᠢᠯ ᠡᠬᠢᠯᠡᠨ ᠬᠡᠷᠡᠭᠵᠢᠭᠦᠯᠦᠭᠳᠡᠪᠡ
ᠨᠡᠶᠢᠲᠡᠯᠡᠭᠰᠡᠨ ᠴᠠᠭ᠄
2024/8/22
     ᠡᠨᠡ ᠵᠢᠯ ᠠᠴᠠ ᠨᠠᠭᠠᠰᠢ᠂ ᠮᠠᠨ ᠤ ᠣᠷᠣᠨ ᠤᠯᠠᠮᠵᠢᠯᠠᠯᠲᠤ ᠠᠵᠤ ᠦᠢᠯᠡᠰ ᠢ ᠥᠭᠡᠷᠡᠴᠢᠯᠡᠨ ᠳᠡᠪᠰᠢᠭᠦᠯᠬᠦ᠂ ᠰᠢᠨ᠎ᠡ ᠪᠠᠷ ᠪᠤᠢ ᠪᠣᠯᠣᠬᠰᠠᠨ ᠠᠵᠤ ᠦᠢᠯᠡᠰ ᠢ ᠪᠤᠶᠢᠵᠢᠭᠤᠯᠤᠨ ᠪᠤᠵᠠᠭᠠᠶᠢᠷᠠᠭᠤᠯᠬᠤ᠂ ᠢᠷᠡᠭᠡᠳᠦᠶ ᠶᠢᠨ ᠠᠵᠤ ᠦᠢᠯᠡᠰ ᠤᠨ ᠰᠢᠨ᠎ᠡ ᠴᠢᠨᠠᠷ ᠪᠦᠬᠦᠢ ᠦᠢᠯᠡᠳᠪᠦᠷᠢᠯᠡᠯ ᠤᠨ ᠬᠦᠴᠦᠨ ᠢ ᠬᠦᠭᠵᠢᠭᠦᠯᠬᠦ ᠶᠢ ᠤᠷᠢᠳᠴᠢᠯᠠᠨ ᠪᠠᠶᠢᠷᠢᠰᠢᠭᠤᠯᠬᠤ ᠶᠢᠨ ᠲᠣᠭᠤᠷᠢᠨ ᠳᠤ᠂ ᠠᠩᠬᠠᠳᠠᠭᠴᠢ ᠪᠦᠯᠦᠭ ᠤᠨ ᠡᠨᠧᠷᠭᠢ ᠨᠥᠭᠡᠴᠡᠯᠡᠬᠦ ᠪᠠ ᠰᠢᠨ᠎ᠡ ᠬᠡᠯᠪᠡᠷᠢ ᠶᠢᠨ ᠴᠠᠬᠢᠯᠭᠠᠨ ᠬᠦᠴᠦᠨ ᠤ ᠰᠢᠰᠲ᠋ᠧᠮ᠂ ᠬᠤᠪᠣᠷ ᠰᠢᠷᠣᠶ᠂ ᠤᠨᠴᠠᠯᠢᠬᠳᠤ ᠰᠦ ᠶᠢᠨ ᠦᠢᠯᠡᠰ᠂ ᠤᠰᠤᠲᠥ᠋ᠷᠥᠭᠴᠢ ᠡᠨᠧᠷᠭᠢ ᠪᠠ ᠠᠭᠠᠷ ᠣᠭᠲᠠᠷᠭᠤᠶ ᠶᠢᠨ ᠰᠤᠨᠳᠠᠯᠠᠭᠰᠠᠨ ᠬᠡᠮᠵᠢᠭᠦᠷ ᠢᠶᠠᠷ ᠬᠡᠮᠵᠢᠬᠦ ᠦᠨᠳᠦᠰᠦᠨ ᠪᠠᠷᠢᠮᠵᠢᠶᠠᠨ ᠤ ᠲᠣᠮᠣ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠲᠣᠨᠤᠭ ᠲᠦᠭᠦᠭᠡᠷᠦᠮᠵᠢ ᠶᠢᠨ ︽4 + 1︾ ᠴᠡᠭ ᠪᠠᠶᠢᠷᠢ ᠶᠢᠨ ᠪᠠᠶᠢᠷᠢᠰᠢᠭᠤᠯᠤᠯᠲᠠ ᠶᠢ ᠪᠣᠶ ᠪᠣᠯᠭᠠᠵᠤ᠂ ᠲᠡᠷᠢᠭᠦᠨ ᠲᠠᠰ ᠤᠨ ᠮᠡᠷᠭᠡᠵᠢᠯᠲᠡᠳ ᠤᠨ ᠪᠦᠯᠬᠦᠮ ᠢ ᠣᠷᠣᠭᠤᠯᠤᠨ ᠠᠪᠴᠢᠷᠠᠵᠤ᠂ ᠵᠠᠷᠯᠠᠯ ᠬᠦᠯᠢᠶᠡᠵᠤ ᠬᠤᠰᠢᠭᠤᠷᠠᠨ ᠠᠵᠢᠯᠯᠠᠬᠤ᠂ ᠬᠠᠨᠳᠤᠯᠭ᠎ᠠ ᠲᠠᠢ ᠪᠠᠷ ᠨᠠᠶᠢᠳᠠᠬᠤ ᠵᠡᠷᠭᠡ ᠠᠷᠭ᠎ᠠ ᠬᠡᠯᠪᠡᠷᠢ ᠪᠠᠷ 36 ᠵᠦᠢᠯ ᠤᠨ ᠴᠢᠬᠤᠯᠠ ᠶᠡᠭᠡ ᠰᠢᠪᠲᠤᠯᠤᠯᠲᠠ ᠶᠢᠨ ᠡᠭᠦᠷᠭᠡ ᠶᠢ ᠪᠦᠬᠦᠨ ᠢᠶᠠᠷ ᠨᠢ ᠡᠬᠢᠯᠡᠭᠦᠯᠵᠦ᠂ ᠬᠡᠰᠡᠭ ᠴᠡᠭ ᠪᠠᠶᠢᠷᠢ ᠪᠠᠷ ᠪᠥᠬᠦ ᠣᠷᠣᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠴᠢᠳᠠᠪᠤᠷᠢ ᠶᠢᠨ ᠪᠦᠬᠦᠯᠢ ᠴᠣᠭᠴᠠ ᠪᠠᠷ ᠢᠶᠠᠨ ᠳᠡᠭᠡᠭᠰᠢᠯᠡᠬᠦ ᠶᠢ ᠨᠢ ᠳᠠᠶᠢᠴᠢᠯᠠᠵᠠᠢ᠃ ᠣᠲᠣ ᠪᠣᠯᠲᠠᠯ᠎ᠠ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ︽ᠪᠦᠰᠡᠯᠡᠯᠲᠡ ᠰᠢᠪᠲᠤᠯᠬᠤ︾ ᠴᠡᠭ ᠪᠠᠶᠢᠷᠢ ᠶᠢᠨ 31 ᠲᠥᠷᠥᠯ ᠵᠦᠢᠯ ᠢ ᠡᠬᠢᠯᠡᠨ ᠬᠡᠷᠡᠭᠵᠢᠭᠦᠯᠵᠦ᠂ ᠶᠡᠷᠦᠩᠬᠡᠶ ᠪᠠᠯᠠ ᠣᠷᠣᠭᠤᠯᠤᠯᠲᠠ ᠨᠢ ᠪᠠᠷᠤᠭ 26.77 ᠳ᠋ᠦᠩᠰᠢᠭᠤᠷ ᠲᠥᠭᠦᠷᠢᠭ ᠲᠤ ᠬᠦᠷᠴᠡᠢ᠂ ᠡᠭᠦᠨ ᠳᠤ ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠪᠡᠯᠡ ᠣᠷᠣᠭᠤᠯᠤᠯᠲᠠ 4.65 ᠳ᠋ᠦᠩᠰᠢᠭᠤᠷ ᠲᠥᠭᠦᠷᠢᠭ ᠪᠠᠶᠢᠵᠤ᠂ ᠤᠯᠤᠰ ᠤᠨ ᠵᠠᠷᠤᠳᠠᠯ ᠤᠨ ᠳᠡᠮᠵᠢᠯᠭᠡ ᠶᠢ 0.8 ᠳ᠋ᠦᠩᠰᠢᠭᠤᠷ ᠲᠥᠭᠦᠷᠢᠭ ᠣᠯᠵᠠᠢ᠂ ᠠᠶᠢᠮᠠᠭ ᠬᠤᠲᠠ ᠪᠠ ᠠᠵᠤ ᠠᠬᠤᠶᠢᠯᠠᠯ ᠤᠳ ᠢ ᠬᠥᠲᠥᠯᠦᠨ ᠵᠢᠯᠣᠭᠤᠳᠴᠤ ᠪᠠᠶᠢᠭᠠᠳ 21.32 ᠳ᠋ᠦᠩᠰᠢᠭᠤᠷ ᠲᠥᠭᠦᠷᠢᠭ ᠤᠨ ᠪᠠᠯᠠ ᠣᠷᠤᠭᠤᠯᠤᠯᠪᠠ᠃ ︵ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠲᠢᠩᠬᠢᠮ︶
 
ᠢᠷᠡᠯᠲᠡ᠄ ᠥᠪᠥᠷ ᠮᠣᠩᠭᠤᠯ ᠤᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10200071号